ᠨᠠᠢ᠌ᠮᠠᠨ ᠬᠤᠰᠢᠭᠤ 90 ᠨᠡᠷᠡᠰ ᠭᠤᠤᠯᠳᠠᠯᠭᠠᠲᠤ ᠶᠡᠬᠡ ᠰᠤᠷᠭᠠᠭᠤᠯᠢ  ᠳᠦ ᠰᠢᠯᠭᠠᠨ ᠤᠷᠤᠭᠰᠠᠨ ᠭᠠᠭᠴᠠ ᠬᠡᠦᠬᠡᠳ ᠲᠡᠢ ᠭᠡᠷ ᠪᠦᠯᠢ  ᠶᠢᠨ ᠬᠡᠦᠬᠡᠳ ᠲᠦ ᠱᠠᠩᠨᠠᠯ  ᠤᠨ ᠮᠦᠩᠭᠦ ᠲᠠᠷᠬᠠᠭᠠᠪᠠ

ᠣᠩᠰᠢᠭᠰᠠᠨ ᠤᠳᠠᠭ᠎ᠠ ᠄ 6279     ᠨᠡᠶᠢᠳᠡᠯᠡᠭᠰᠡᠨ ᠴᠠᠭ ᠄ 2018/10/30 8:47:26

      ᠨᠠᠢ᠌ᠮᠠᠨ ᠬᠤᠰᠢᠭᠤᠨ  ᠦ ᠡᠷᠡᠭᠦᠯ ᠬᠠᠮᠠᠭᠠᠯᠠᠯ ᠪᠤᠯᠤᠨ ᠲᠦᠯᠦᠪᠯᠡᠭᠡᠲᠦ ᠦᠷᠡᠵᠢᠯ  ᠤᠨ ᠲᠤᠪᠴᠢᠶ᠎ᠠ᠂ ᠲᠦᠯᠦᠪᠯᠡᠭᠡᠲᠦ ᠦᠷᠡᠵᠢᠯ  ᠤᠨ ᠭᠡᠷ ᠪᠦᠯᠢ  ᠶᠢ ᠬᠠᠪᠰᠤᠷᠴᠤ ᠳᠡᠮᠵᠢᠬᠦ ᠬᠦᠴᠦᠴᠡ ᠪᠠᠨ ᠨᠡᠮᠡᠭᠳᠡᠭᠦᠯᠬᠦ  ᠶᠢᠨ ᠲᠦᠯᠦᠭᠡ᠂ ᠲᠦᠯᠦᠪᠯᠡᠭᠡᠲᠦ ᠦᠷᠡᠵᠢᠯ  ᠤᠨ ᠵᠠᠷᠤᠳᠠᠯ ᠬᠦᠷᠦᠯᠴᠡᠬᠦ ᠦᠭᠡᠢ ᠪᠠᠢᠳᠠᠯ ᠳᠤᠤᠷ᠎ᠠ᠂ 56500 ᠲᠦᠭᠦᠷᠢᠭ   ᠦᠨ ᠪᠡᠯᠡ ᠮᠦᠩᠭᠦ  ᠶᠢ ᠰᠢᠬᠠᠨ ᠭᠠᠷᠭᠠᠵᠤ᠂ ᠭᠠᠭᠴᠠ ᠬᠡᠦᠬᠡᠳ ᠲᠡᠢ ᠭᠡᠷ ᠪᠦᠯᠢ  ᠶᠢᠨ 90( ᠡᠷᠡᠭᠲᠡᠢ 67 ᠨᠡᠷᠡᠰ᠂ ᠡᠮᠡᠭᠲᠡᠢ 23 ᠨᠡᠷᠡᠰ) ᠨᠡᠷᠡᠰ ᠭᠤᠤᠯᠳᠠᠯᠭᠠᠲᠤ ᠶᠡᠬᠡ ᠰᠤᠷᠭᠠᠭᠤᠯᠢ  ᠳᠦ ᠰᠢᠯᠭᠠᠨ ᠤᠷᠤᠭᠰᠠᠨ ᠭᠠᠭᠴᠠ ᠬᠡᠦᠬᠡᠳ  ᠤᠨ ᠡᠷᠡᠭᠲᠡᠢ ᠰᠤᠷᠤᠭᠴᠢ ᠪᠦᠷᠢ  ᠳᠤ 500 ᠲᠦᠭᠦᠷᠢᠭ᠂ ᠡᠮᠡᠭᠲᠡᠢ ᠰᠤᠷᠤᠭᠴᠢ ᠪᠦᠷᠢ  ᠳᠤ 1000 ᠲᠦᠭᠦᠷᠢᠭ   ᠦᠨ ᠱᠠᠩᠨᠠᠯ   ᠤᠨ   ᠮᠦᠩᠭᠦ  ᠶᠢ ᠲᠠᠷᠬᠠᠭᠠᠪᠠ᠃

                                                 ᠪᠠᠶᠠᠨᠵᠢᠷᠭᠠᠯ
ᠢᠷᠡᠯᠳᠡ᠄ ᠨᠠᠶᠢᠷᠠᠭᠤᠯᠤᠭᠴᠢ᠄ ᠳᠤᠯᠠᠭᠠᠨ

ᠬᠠᠮᠢᠶ᠎ᠡ ᠪᠦᠬᠦᠢ ᠰᠣᠨᠢᠨ