ᠶᠡᠬᠡ ᠪᠡᠷᠬᠡ  ᠶ᠋ᠢᠨ ᠣᠷᠤᠨ

ᠣᠩᠰᠢᠭᠰᠠᠨ ᠤᠳᠠᠭ᠎ᠠ ᠄ 6797     ᠨᠡᠶᠢᠳᠡᠯᠡᠭᠰᠡᠨ ᠴᠠᠭ ᠄ 2018/10/29 9:22:39

      ᠶᠡᠬᠡ ᠪᠡᠷᠬᠡ ᠶ᠋ᠢᠨ ᠣᠷᠤᠨ ᠢ ︿ ︿ ᠭᠤᠷᠪᠠᠨ ᠰᠠᠶᠢᠬᠠᠨ ᠤ ᠪᠡᠷᠬᠡ ﹀ ﹀ ᠭᠡᠳᠡᠭ ᠃ ᠪᠠᠭᠠᠪᠡᠷᠬᠡ ᠶ᠋ᠢᠨ ᠠᠷᠤ ᠪᠠᠷ ᠵᠡᠭᠦᠨᠰᠢ ᠪᠠᠷᠠᠭᠤᠨᠰᠢ ᠰᠤᠨᠳᠠᠯᠠᠨ ᠣᠷᠤᠰᠢᠵᠤ ᠪᠠᠶᠢᠪᠠ ᠃ ᠪᠠᠷᠠᠭᠤᠨ ᠲᠠᠯ᠎ᠠ ᠨᠢ ᠠᠤᠬᠠᠨ ᠬᠤᠰᠢᠭᠣᠨ ᠤ ᠪᠢᠴᠢᠭᠳᠦ ᠬᠡᠮᠡᠬᠦ ᠠᠶᠢᠯ ᠡᠴᠠ ᠵᠡᠭᠦᠨᠰᠢᠯᠡᠵᠦ ᠂ ᠯᠣᠤᠬ᠎ᠠ ᠶ᠋ᠢᠨ ᠭᠣᠤᠯ ᠤᠨ ᠠᠷᠤ ᠳ᠋ᠠᠬᠢ ᠠᠷᠴᠠ ᠶ᠋ᠢᠨ ᠪᠡᠷᠬᠡ ᠶ᠋ᠢ ᠪᠠᠬᠲᠠᠭᠠᠵᠤ ᠤᠯᠢᠶᠠᠰᠤᠨ ᠲᠤᠬᠤᠢ ᠂ ᠬᠤᠶᠢᠳᠤ ᠪᠤᠬᠳᠤ ᠪᠠᠷ ᠵᠡᠭᠦᠨᠰᠢᠯᠡᠵᠦ ᠂ ᠵᠡᠭᠦᠨ ᠲᠠᠯ᠎ᠠ ᠨᠢ  ᠬᠥᠬᠡᠴᠡᠭᠡᠯ ᠬᠦᠷᠦᠨ᠎ᠡ ᠃ ᠵᠡᠭᠦᠨᠰᠢ ᠪᠠᠷᠠᠭᠤᠨᠰᠢ 100 ᠭᠠᠷᠤᠢ ᠭᠠᠵᠠᠷ ᠦᠷᠬᠦᠯᠵᠢᠯᠡᠵᠦ ᠂ ᠦᠷᠭᠡᠨ ᠦ ᠬᠡᠪᠴᠢᠶ᠎ᠡ ᠪᠠᠷᠤᠭ 30 --40 ᠭᠠᠵᠠᠷ ᠪᠦᠬᠦᠢ ᠣᠷᠤᠨ ᠢ ᠡᠵᠡᠯᠡᠭᠰᠡᠨ ᠠᠲᠠᠷ ᠪᠠᠷᠲᠠᠭᠠᠳᠤ ᠶᠡᠬᠡ ᠪᠡᠷᠬᠡ ᠪᠠᠶᠢᠬᠰᠠᠨ ᠶᠤᠮ ᠃ ᠶᠡᠬᠡᠩᠬᠢ ᠬᠡᠰᠡᠭ ᠨᠢ ᠣᠳᠣᠬᠠᠨ ᠤ ᠤᠯᠢᠶᠠᠰᠤ ᠰᠢᠶᠠᠩ ᠳ᠋ᠥ ᠬᠠᠷᠢᠶᠠᠯᠠᠬᠳᠠᠬᠤ ︿ ︿ ᠤᠯᠢᠶᠠᠰᠤᠨ ᠤ ᠲᠠᠮᠤ ᠶ᠋ᠢᠨ ᠴᠠᠭᠠᠨ ﹀ ﹀ ᠪᠤᠯᠤᠨ᠎ᠠ ᠃

       1950 ᠣᠨ ᠤ ᠡᠪᠦᠯ ᠂ ᠪᠣᠤᠬᠠᠢ  ᠴᠢᠨ᠋ᠸ᠎ᠠ ᠶ᠋ᠢ ᠪᠦᠷᠢᠮᠦᠰᠦᠨ ᠤᠰᠠᠤᠨᠬᠠᠬᠤ ᠤᠷᠢᠶ᠎ᠠ ᠲᠡᠭᠳᠡᠨ ᠥᠷᠨᠢᠯᠲᠡ ᠭᠠᠷᠴᠦ ᠂  ᠠᠬᠠᠯᠠᠭ ᠣᠢ ᠠᠲᠠᠷ ᠪᠡᠷᠬᠡ ᠳ᠋ᠥ ᠭᠠᠯ ᠲᠠᠯᠪᠢᠨ ᠶᠡᠬᠡ ᠬᠡᠪᠴᠢᠶ᠎ᠡ ᠪᠠᠷ ᠳᠦᠢᠮᠡᠷᠳᠡᠨ ᠰᠢᠲᠠᠭᠠᠬᠰᠠᠨ ᠡᠴᠠ ᠭᠤᠷᠪᠠᠨ ᠰᠠᠶᠢᠬᠠᠨ ᠤ ᠳᠤᠮᠤᠬᠳᠤ ᠭᠤᠶᠢᠳᠠ ᠪᠠᠷᠲᠠᠭᠠᠳᠤ ᠣᠷᠤᠨ ᠪᠣᠯᠬᠤ ᠶᠡᠬᠡ ᠪᠡᠷᠬᠡ ᠶ᠋ᠢᠨ ᠮᠠᠨᠢ ᠲᠡᠷᠡᠬᠡᠨ ᠵᠠᠭᠤᠷ᠎ᠠ ᠭᠠᠯᠳᠠᠬᠳᠠᠨ ᠲᠡᠳᠡᠭᠡᠷ ᠣᠯᠠᠨ ᠠᠷᠢᠶᠠᠲᠠᠨ ᠠᠮᠢᠲᠠᠨ ᠠᠯᠠᠬᠳᠠᠨ ᠲᠤᠲᠠᠭᠠᠵᠤ ᠡᠪᠡᠰᠦ ᠮᠤᠳᠤ ᠰᠢᠳᠠᠬᠳᠠᠨ ᠦᠬᠦᠵᠦ ᠂ ᠪᠢᠲᠡᠭᠦᠦ ᠬᠠᠷ᠎ᠠ ᠢᠬᠴᠤ ᠰᠠᠬᠤᠯᠢᠭ ᠪᠠᠶᠢᠬᠰᠠᠨ ᠣᠷᠤᠨ ᠠᠮᠢ ᠠᠬᠤᠢ ᠶ᠋ᠢᠨ ᠲᠡᠩᠴᠡᠭᠦᠷᠢ ᠪᠠᠨ ᠠᠯᠳᠠᠵᠤ ᠂ ᠥᠨᠦᠳᠦᠷ ᠦᠨ ᠮᠡᠲᠦ ᠡᠶᠢᠮᠦᠷᠬᠦ ᠬᠤᠪᠠᠬᠠᠢ ᠴᠠᠭᠠᠨ ᠡᠯᠡᠰᠦᠨ ᠴᠦᠯ ᠢ ᠪᠤᠢ ᠪᠣᠯᠭᠠᠬᠰᠠᠨ ᠪᠠᠶᠢᠳᠠᠭ ᠃ ᠶᠠᠭᠤᠲᠠᠢ ᠬᠠᠷᠠᠮᠰᠠᠯᠲᠠᠢ ᠠᠵᠤᠭᠤ ᠃
       ︿ ︿ ᠭᠤᠷᠪᠠᠨ ᠰᠠᠶᠢᠬᠠᠨ ᠤ ᠪᠡᠷᠬᠡ ﹀ ﹀ ᠬᠡᠮᠡᠬᠦ ᠰᠠᠶᠢᠬᠠᠨ ᠨᠡᠷᠡᠶᠢᠳᠦᠯ ᠲᠠᠢ ᠡᠨᠡ  ᠬᠦ ᠶᠡᠬᠡ ᠪᠡᠷᠬᠡ ᠨᠢ ᠣᠤᠯ ᠳ᠋ᠠᠭᠠᠨ ︿ ︿ ᠭᠤᠷᠪᠠᠨ ᠬᠠᠷᠠᠩᠭᠤᠢ ﹀ ﹀ ᠶ᠋ᠢᠨ ᠣᠷᠣᠨ ᠪᠠᠶᠢᠬᠰᠠᠨ ᠶᠤᠮ ᠃ ᠣᠯᠠᠮᠵᠢᠯᠠᠯ ᠶᠠᠷᠢᠶᠠᠨ ᠳ᠋ᠥ ᠭᠡᠭᠡᠨ ᠴᠠᠭᠠᠨ ᠡᠳᠦᠷ ᠢᠶ᠋ᠡᠷ ᠣᠢ ᠶ᠋ᠢᠨ ᠭᠦᠨ ᠳ᠋ᠥ ᠣᠷᠤᠬᠤᠶ᠎ᠠ ᠨᠠᠷᠠᠨ ᠤ ᠭᠡᠷᠡᠯ ᠵᠡᠭᠦᠦ ᠣᠳᠠᠰᠤ ᠶ᠋ᠢᠨ ᠬᠢᠷᠢ ᠵᠢᠷᠤᠪᠬᠢᠨ ᠳᠤᠰᠴᠤ ᠪᠦᠷᠬᠦᠭ ᠬᠠᠷᠠᠩᠭᠤᠢ ︔ ᠬᠠᠷᠠᠩᠭᠤᠢ ᠰᠦᠨᠢ ᠣᠢ ᠳ᠋ᠥ ᠰᠢᠷᠭᠤᠬᠤ ᠳ᠋ᠥ ᠣᠳᠤᠨ ᠮᠡᠴᠢᠤᠨ ᠢ ᠣᠬᠳᠤ ᠣᠯᠵᠤ ᠬᠠᠷᠠᠬᠤ ᠦᠭᠡᠢ ᠲᠦᠨᠡᠷ ᠬᠠᠷᠠᠩᠭᠤᠢ ︔ ᠬᠡᠨ ᠬᠡᠷᠪᠡ ᠣᠢ ᠶ᠋ᠢᠨ ᠲᠠᠷᠬᠠᠯᠠᠬᠰᠠᠨ ᠡᠵᠡᠨ -- ᠭᠠᠤᠯᠢᠨ ᠲᠠᠬ᠎ᠠ ᠲᠠᠢ ᠪᠤᠭᠤ ᠶ᠋ᠢ ᠰᠤᠴᠢᠭᠠᠨ ᠦᠷᠭᠦᠭᠡᠪᠡᠰᠦ ᠲᠡᠷᠡ ᠭᠱᠡᠨ ᠳ᠋ᠥ ᠲᠡᠭᠷᠢ  ᠬᠠᠪ ᠬᠠᠷᠠᠩᠭᠤᠢ ᠪᠤᠯᠵᠦ ᠤᠯᠠᠭᠠᠨ ᠴᠠᠰᠤ ᠪᠤᠶᠤ ᠤᠯᠠᠭᠠᠨ ᠪᠤᠷᠤᠭᠠᠨ ᠪᠠᠭᠤᠵᠤ ᠶᠡᠬᠡ ᠬᠠᠷᠠᠩᠭᠤᠢ ᠪᠤᠯᠤᠨ ︿ ︿ ᠭᠤᠷᠪᠠᠨ ᠬᠠᠷᠠᠩᠭᠤᠢ ﹀ ﹀ ᠶ᠋ᠢᠨ ᠣᠷᠣᠨ ᠪᠣᠯᠵᠠᠢ ᠃
       ᠨᠠᠢᠮᠠᠨ ᠬᠤᠰᠢᠭᠣᠨ ᠤ ᠠᠷᠪᠠᠳᠤᠭᠠᠷ ᠵᠠᠰᠠᠭ ᠸᠠᠩ  ᠠᠭᠸᠠᠩᠳᠤᠸᠠᠳᠤᠢᠢᠵᠠᠪ ᠂ ᠮᠣᠷᠢ ᠳᠤᠪᠳᠤᠯᠭᠠᠨ ᠠᠩ ᠠᠩᠨᠠᠬᠤ ᠵᠠᠭᠤᠷ᠎ᠠ ︿ ︿ ᠭᠤᠷᠪᠠᠨ ᠬᠠᠷᠠᠩᠭᠤᠢ ﹀ ﹀ ᠶ᠋ᠢᠨ ᠣᠷᠤᠨ ᠤ ᠳᠡᠭᠡᠭᠦᠷ ᠭᠡᠨᠡᠦᠨᠲᠡ ᠠᠯᠲᠠᠨ ᠤᠨᠠᠭ᠎ᠠ ᠪᠢᠯᠢᠭᠳᠦ ᠡᠭᠦᠯᠡ ᠬᠦᠯᠦᠭᠯᠡᠨ ᠬᠠᠩᠬᠢᠨᠠᠲᠠᠯ᠎ᠠ ᠢᠨᠴᠠᠭᠠᠨ ᠦᠩᠭᠡᠷᠡᠬᠦ ᠶ᠋ᠢᠨ ᠳᠠᠭᠠᠤ ᠨᠡᠭᠦᠳᠡᠯᠯᠡᠨ ᠦᠩᠭᠡᠷᠡᠬᠦ ᠡᠭᠦᠯᠡᠨ ᠬᠦᠰᠢᠭᠡᠨ ᠲᠡᠭᠡᠷ᠎ᠡ ᠭᠠᠨᠳᠠᠷᠢᠰᠤᠨ ᠪᠠᠯᠭᠠᠰᠤᠨ ᠤ ᠭᠠᠶᠢᠬᠠᠮᠰᠢᠬᠳᠤ ᠦᠵᠡᠭᠳᠡᠯ ᠢᠯᠡᠷᠡᠭᠰᠡᠨ ᠢ ᠣᠯᠵᠤ ᠬᠠᠷᠠᠭᠠᠳ ᠂ ᠦ᠋ ᠹᠦ᠋ ᠳᠠᠩ ᠤᠨ ᠸᠠᠩ ᠤᠨ ᠣᠷᠳᠤᠨ ᠳ᠋ᠥ ᠪᠠᠨ ᠪᠤᠴᠠᠵᠤ ᠢᠷᠡᠭᠰᠡᠨ ᠦ ᠲᠠᠷᠠᠭ᠎ᠠ ᠂ ᠳᠠᠴᠠ ᠶ᠋ᠢᠨ ᠰᠦᠮ᠎ᠡ ᠶ᠋ᠢᠨ ᠭᠤᠷᠪᠠᠳᠤᠭᠠᠷ ᠳᠦᠷᠢ ᠶ᠋ᠢᠨ ᠵᠠᠷᠯᠢᠭ ᠤᠨ ᠭᠡᠭᠡᠨ ᠶᠸᠰᠢᠪᠠᠯᠰᠠᠩ ᠢ ᠣᠷᠳᠤᠨ᠎ᠠ ᠳᠠᠭᠤᠳᠠᠨ ︿ ︿ ᠭᠤᠷᠪᠠᠨ ᠬᠠᠷᠠᠩᠭᠤᠢ ﹀ ﹀ ᠶ᠋ᠢᠨ ᠣᠷᠤᠨ ᠢ ︿ ︿ ᠭᠤᠷᠪᠠᠨ ᠰᠠᠶᠢᠬᠠᠨ ﹀ ﹀ ᠤ ᠣᠷᠤᠨ ᠬᠡᠮᠡᠨ ᠬᠠᠯᠠᠨ ᠨᠡᠷᠡᠶᠢᠦᠨᠴᠦ ᠲᠠᠷᠬᠠᠨ ᠣᠷᠣᠨ ᠪᠤᠯᠭᠠᠨ ᠳᠠᠷᠬᠠᠯᠠᠬᠤ ᠲᠣᠬᠠᠢ ᠵᠦᠪᠳᠡᠯᠴᠡᠵᠦ ᠂ ᠲᠤᠰᠬᠠᠶᠢᠯᠠᠨ ᠮᠤᠨᠴᠤᠭ ᠤᠨ ᠰᠦᠮ᠎ᠡ ᠶ᠋ᠢᠨ ᠳ᠋ᠠ ᠯᠠᠮ᠎ᠠ ᠨᠠᠮᠫᠢᠯ ᠢᠶᠠᠷ ᠭᠠᠵᠠᠷ ᠤᠰᠤᠨ ᠢ ᠰᠢᠨᠵᠢᠭᠦᠯᠵᠦ ᠪᠠᠭᠠᠪᠡᠷᠬᠡ ᠶ᠋ᠢᠨ ᠬᠠᠷᠢᠶᠠᠨ ᠳ᠋ᠠᠬᠢ ︿ ︿ ᠡᠭᠦᠰᠭᠡᠯ ᠦᠨ ᠦᠨᠳᠦᠷ ﹀ ﹀ ᠬᠡᠮᠡᠬᠦ ᠦᠨᠳᠦᠷ ᠣᠷᠣᠢ ᠳᠡᠭᠡᠷ᠎ᠡ    ︿ ︿ ᠭᠤᠷᠪᠠᠨ ᠬᠠᠷᠠᠩᠭᠤᠢ ﹀ ﹀ ᠶ᠋ᠢᠨ ᠣᠷᠤᠨ ᠢ ︿ ︿ ᠭᠤᠷᠪᠠᠨ ᠰᠠᠶᠢᠬᠠᠨ ﹀ ﹀ ᠤ ᠣᠷᠤᠨ ᠬᠡᠮᠡᠨ ᠲᠠᠷᠬᠠᠯᠠᠬᠰᠠᠨ ᠶᠤᠰᠤᠨ ᠢ ᠭᠦᠢᠴᠡᠦᠨᠬᠡᠭᠰᠡᠨ ᠪᠦᠭᠡᠤᠨ 1824 ᠣᠨ ᠳ᠋ᠥ ᠤᠯᠢᠶᠠᠰᠤᠨ ᠳᠤᠬᠤᠢ ᠳ᠋ᠥ ︿ ︿ ᠭᠤᠷᠪᠠᠨ ᠰᠠᠶᠢᠬᠠᠨ ᠤ ᠰᠦᠮ᠎ᠡ ﹀ ﹀ ᠶ᠋ᠢ ᠴᠤᠬᠴᠠᠯᠠᠨ ᠪᠠᠶᠢᠭᠤᠯᠤᠬᠰᠠᠨ ᠪᠠᠶᠢᠨ᠎ᠠ ᠃
                                                        ᠸᠠᠩᠨᠣᠤᠨ ᠪᠤᠯᠤᠴᠢᠯᠠᠭᠤ ᠂ ᠯᠢ ᠪᠤᠶᠠᠨᠴᠤᠭᠯᠠ
ᠢᠷᠡᠯᠳᠡ᠄ ᠨᠠᠶᠢᠷᠠᠭᠤᠯᠤᠭᠴᠢ᠄ ᠳᠤᠯᠠᠭᠠᠨ