ᠮᠢᠨᠤ ᠳᠣᠮᠳᠠᠳᠤ ᠤᠯᠤᠰ

ᠣᠩᠰᠢᠭᠰᠠᠨ ᠤᠳᠠᠭ᠎ᠠ ᠄ 5829     ᠨᠡᠶᠢᠳᠡᠯᠡᠭᠰᠡᠨ ᠴᠠᠭ ᠄ 2018/10/29 8:39:19

ᠮᠢᠨᠤ ᠳᠣᠮᠳᠠᠳᠤ ᠤᠯᠤᠰ
      ᠯᠢ ᠪᠤᠶᠠᠨᠴᠤᠬᠯᠠ
ᠨᠠᠮ ᠤᠨ ᠮᠡᠷᠭᠡᠨ ᠤᠳᠤᠷᠢᠳᠤᠯᠭ᠎ᠠ ᠲᠠᠢ
ᠨᠠᠷᠮᠠᠢ ᠲᠦᠮᠡᠨ ᠦ ᠴᠢᠷᠮᠠᠶᠢᠯᠭ᠎ᠠ ᠲᠠᠢ
ᠨᠡᠶᠢᠭᠡᠮ ᠵᠢᠷᠤᠮ ᠤᠨ ᠪᠠᠶᠢᠭᠤᠯᠤᠯᠲᠠ ᠲᠠᠢ
ᠨᠢᠬᠲᠠᠷᠠᠯ ᠪᠦᠯᠭᠦᠮᠳᠡᠯ ᠦᠨ ᠡᠩᠨᠡᠭᠡ ᠲᠠᠢ
ᠡᠨᠡ ᠪᠣᠯ ᠮᠢᠨᠤ ᠳᠤᠮᠳᠠᠳᠤ ᠤᠯᠤᠰ ᠃
ᠡᠵᠡᠷᠬᠡᠭ ᠶᠠᠫᠤᠨ ᠢ ᠢᠯᠠᠬᠴᠢ
ᠡᠩᠬᠡ ᠲᠠᠶᠢᠪᠣᠩ ᠢ ᠬᠠᠮᠠᠭᠠᠯᠠᠬᠴᠢ
ᠡᠩ ᠳᠡᠯᠡᠬᠡᠢ ᠶ᠋ᠢᠨ ᠬᠤᠰᠢᠭᠤᠴᠢ
ᠡᠷᠡᠨ ᠴᠠᠭ ᠤᠨ ᠲᠣᠬᠴᠢᠨ
ᠡᠨᠡ ᠪᠣᠯ ᠮᠢᠨᠤ ᠳᠤᠮᠳᠠᠳᠤ ᠤᠯᠤᠰ ᠃
ᠲᠠᠶᠢᠨ ᠳᠠᠵᠢᠨ ᠢ ᠡᠰᠡᠷᠭᠦᠴᠡᠭᠴᠢ
ᠲᠠᠶᠢᠪᠣᠩ ᠠᠮᠢᠳᠤᠷᠠᠯ ᠢ ᠡᠳ᠋ᠯᠡᠭᠦᠯᠦᠭᠴᠢ
ᠲᠡᠯᠡᠬᠡᠢ ᠨᠡᠶᠢᠲᠡ ᠶ᠋ᠢ ᠬᠠᠯᠠᠮᠵᠢᠯᠠᠬᠴᠢ
ᠳᠣᠷᠣᠢ ᠪᠠᠭᠤᠷᠠᠢ ᠶ᠋ᠢ ᠳᠡᠮᠵᠢᠭᠴᠢ
ᠡᠨᠡ ᠪᠣᠯ ᠮᠢᠨᠤ ᠳᠣᠮᠳᠠᠳᠤ ᠤᠯᠤᠰ ᠃
ᠬᠥᠭᠵᠢᠯ ᠥᠷᠨᠢᠯ ᠪᠠᠳᠠᠷᠠᠩᠭᠤᠢ
ᠬᠥᠭᠰᠡᠯ ᠪᠠᠶᠠᠰᠤᠯ ᠪᠢᠯᠬᠠᠩᠭᠤᠢ
ᠬᠣᠲᠠ ᠬᠦᠳᠡᠭᠡ ᠬᠥᠭᠵᠢᠩᠭᠦᠢ
ᠬᠣᠲᠠᠯᠠ ᠲᠠᠶᠠᠭᠠᠷ ᠪᠠᠶᠠᠰᠤᠩᠭᠤᠢ
ᠡᠨᠡ ᠪᠣᠯ ᠮᠢᠨᠤ ᠳᠤᠮᠳᠠᠳᠤ ᠤᠯᠤᠰ ᠃
ᠲᠠᠩᠰᠤᠭ ᠪᠠᠶᠠᠨ ᠠᠮᠢᠳᠤᠷᠠᠯ ᠲᠠᠢ
ᠲᠠᠶᠠᠭᠠᠷ ᠣᠯᠠᠨ ᠢᠶᠠᠷ ᠢᠶᠡᠨ ᠵᠢᠷᠭᠠᠯᠠᠩ
ᠲᠠᠷᠬᠠᠨ ᠡᠷᠬᠡ ᠴᠢᠯᠦᠭᠡ ᠲᠠᠢ
ᠲᠦᠮᠡᠨ ᠠᠷᠠᠳ ᠢᠶᠠᠷ ᠢᠶᠡᠨ ᠠᠮᠤᠭᠤᠯᠠᠩ
ᠡᠨᠡ ᠪᠣᠯ ᠮᠢᠨᠤ ᠳᠣᠮᠳᠠᠳᠤ ᠤᠯᠤᠰ ᠃
ᠢᠷᠡᠯᠳᠡ᠄ ᠨᠠᠶᠢᠷᠠᠭᠤᠯᠤᠭᠴᠢ᠄ ᠳᠤᠯᠠᠭᠠᠨ