ᠪᠠᠭᠠᠪᠡᠷᠬᠡ ᠶ᠋ᠢᠨ ᠬᠠᠷᠢᠶ᠎ᠠ ᠣᠷᠤᠨ

ᠣᠩᠰᠢᠭᠰᠠᠨ ᠤᠳᠠᠭ᠎ᠠ ᠄ 8274     ᠨᠡᠶᠢᠳᠡᠯᠡᠭᠰᠡᠨ ᠴᠠᠭ ᠄ 2018/10/28 9:10:17

      ᠲᠡᠦᠬᠡᠨ ᠲᠡᠮᠲᠡᠭᠯᠡᠯ ᠢ ᠦᠨᠳᠦᠰᠦᠯᠡᠪᠡᠯ ᠂ ︿ ︿ ᠪᠠᠭᠠᠪᠡᠷᠬᠡ ﹀ ﹀ ᠨᠢ ᠲᠠᠶᠢᠴᠢᠩ ᠭᠦᠷᠦᠨ ᠦ ᠡᠬᠢᠨ ᠦ ᠦᠶ᠎ᠡ ᠳ᠋ᠥ ᠨᠡᠷᠡᠶᠢᠳᠦᠯ ᠢᠶ᠋ᠡᠨ ᠣᠯᠵᠤ ᠂ ᠡᠮᠦᠨ᠎ᠡ ᠵᠠᠬ᠎ᠠ ᠨᠢ ᠬᠤᠸᠠᠮᠤᠲᠠᠢ ᠶ᠋ᠢᠨ ᠲᠠᠯ᠎ᠠ ᠡᠴᠠ ᠵᠡᠭᠦᠨᠰᠢᠯᠡᠵᠦ ᠂ ᠲᠠᠷᠭᠤᠨ ᠨᠠᠭᠤᠷ ᠤᠨ ᠠᠷᠤ ᠂ ᠳᠠᠴᠠ ᠶ᠋ᠢᠨ ᠲᠠᠯ᠎ᠠ  ᠡᠴᠡ ᠣᠮᠠᠷᠠᠰᠢᠯᠠᠵᠤ ᠂ ᠲᠠᠪᠤᠨ ᠬᠤᠯᠠᠭᠠᠶᠢᠴᠢ ᠶ᠋ᠢᠨ ᠪᠡᠷᠬᠡ ᠂ ᠣᠪᠳᠦᠩ ᠂ ᠰᠦᠷᠳᠦ ᠂ ᠢᠨᠲᠡᠷᠳᠦ ᠵᠡᠷᠭᠡ ᠪᠠᠷᠲᠠᠭᠠᠳᠤ ᠪᠡᠷᠬᠡ ᠶ᠋ᠢ ᠪᠠᠬᠲᠠᠭᠠᠵᠤ ᠂ ᠵᠡᠭᠦᠨ ᠲᠠᠯ᠎ᠠ ᠨᠢ ᠨᠠᠢᠮᠠᠨ ᠸᠠᠩ ᠤᠨ ᠪᠠᠭ᠎ᠠ ᠠᠪᠠ ᠬᠢᠳᠡᠭ ᠡᠳᠦᠭᠡ ᠶ᠋ᠢᠨ ᠠᠩᠨᠠᠢ ᠲᠤᠰᠬᠤᠨ ᠬᠦᠷᠦᠨ᠎ᠡ ᠃ ᠪᠠᠷᠠᠭᠤᠨ ᠵᠠᠬ᠎ᠠ ᠨᠢ ᠠᠤᠬᠠᠨ ᠬᠤᠰᠢᠭᠣᠨ ᠤ ᠬᠤᠶᠠᠷᠠᠤᠰᠤ ᠬᠡᠮᠡᠬᠦ ᠭᠠᠵᠠᠷ ᠡᠴᠠ ᠵᠡᠭᠦᠨᠰᠢᠯᠡᠵᠦ ᠱᠸᠵᠢᠨ ᠠᠶᠢᠯ ᠤᠨ ᠠᠷᠤ ᠳ᠋ᠠᠬᠢ ︿ ︿ ᠬᠠᠷ᠎ᠠ ᠰᠤᠭᠤ ﹀ ﹀ ᠶ᠋ᠢᠨ ᠪᠡᠷᠬᠡ ᠬᠢᠭᠡᠤᠨ ᠬᠠᠪᠢᠷᠭ᠎ᠠ ᠠᠶᠢᠯ ᠤᠨ ᠪᠠᠷᠠᠭᠤᠨ ᠬᠤᠶᠢᠨᠠᠬᠢ  ᠠᠭᠸᠠᠩᠳᠤᠸᠠᠳᠤᠢᠢᠵᠠᠪ ᠸᠠᠩ ᠤᠨ ᠰᠠᠭᠤᠬᠰᠠᠨ ︿ ︿ ᠸᠠᠩ ᠤᠨ ᠰᠠᠭᠤᠳᠠᠯ ﹀ ﹀ ᠬᠡᠮᠡᠬᠦ ᠨᠡᠷᠡᠳᠥ ᠭᠠᠵᠠᠷ ᠢ ᠬᠠᠮᠤᠷᠴᠤ ᠂ ︿ ︿ ᠮᠣᠭᠠᠶᠢᠳᠤ ﹀ ﹀ ᠭᠡᠰᠡᠨ ᠭᠠᠵᠠᠷ ᠢ ᠳᠠᠭᠠᠷᠢᠨ ᠣᠪᠤᠭᠠᠲᠠᠢ ᠠᠶᠢᠯ ᠤᠨ ᠠᠷᠤ ᠳ᠋ᠠᠬᠢ ︿ ︿ ᠭᠤᠷᠪᠠᠨ ᠤᠰᠤ ﹀ ﹀ ᠬᠡᠮᠡᠬᠦ ᠭᠠᠵᠠᠷ ᠤᠨ ᠠᠷᠤ ᠪᠡᠶ᠎ᠡ ᠪᠠᠷ ᠵᠡᠭᠦᠨ ᠬᠤᠶᠢᠰᠢ ︿ ︿ ᠪᠣᠯᠣᠩ ﹀ ﹀ ᠬᠡᠮᠡᠬᠦ ᠭᠠᠵᠠᠷ ᠬᠦᠷᠬᠦ ᠪᠦᠭᠡᠤᠨ ᠣᠳᠤᠬᠠᠨ ᠤ ᠪᠠᠶᠠᠨᠲᠠᠯ᠎ᠠ ᠰᠤᠮᠤ ᠶ᠋ᠢᠨ ᠬᠡᠰᠡᠭ ᠭᠠᠵᠠᠷ  ᠤᠰᠤᠨ ᠢ ᠡᠵᠡᠯᠡᠵᠦ ᠂ ᠡᠳᠦᠭᠡ ᠶ᠋ᠢᠨ ᠱᠠᠵᠢᠨ ᠠᠶᠢᠯ ᠂ ᠨᠠᠷᠢᠨᠲᠠᠯ᠎ᠠ ᠂ ᠮᠦᠩᠬᠡ ᠭᠠᠴᠠᠭᠠᠨ ᠤ ᠭᠠᠵᠠᠷ ᠨᠤᠳᠣᠭ ᠲᠡᠷᠡ ᠪᠦᠬᠦᠨ ᠢᠶ᠋ᠡᠷ ᠢᠶ᠋ᠡᠨ ᠬᠠᠷᠢᠶᠠᠯᠠᠬᠳᠠᠨ᠎ᠠ ᠃
      1946 ᠣᠨ ᠳ᠋ᠥ ᠂ ᠨᠠᠢᠮᠠᠨ ᠬᠤᠰᠢᠭᠣᠨ ᠤ ᠰᠢᠨ᠎ᠡ ᠵᠠᠰᠠᠭ ᠪᠠᠶᠢᠭᠤᠯᠤᠬᠳᠠᠵᠤ ᠪᠠᠭᠠᠪᠡᠷᠬᠡ ᠨᠢ ᠨᠠᠢᠮᠠᠳᠤᠭᠠᠷ ᠨᠤᠳᠣᠭ -- ᠪᠠᠶᠠᠨᠲᠠᠯ᠎ᠠ ᠶ᠋ᠢᠨ ᠨᠢᠭᠡᠨ ᠭᠠᠴᠠᠭ᠎ᠠ ᠪᠤᠯᠵᠠᠢ ᠃ ᠲᠤᠰ ᠭᠠᠴᠠᠭᠠᠨ ᠳ᠋ᠥ ᠪᠠᠭᠠᠪᠡᠷᠬᠡ ᠂ ᠠᠮᠠᠨ ᠤᠰᠤ ᠂ ᠬᠠᠶᠢᠰᠤ ᠂ ᠱᠠᠵᠢᠨ ᠠᠶᠢᠯ ᠂ ᠨᠠᠷᠢᠨᠲᠠᠯ᠎ᠠ ᠂ ᠡᠮᠡᠭᠡᠨ ( ᠮᠦᠩᠬᠡ ) ᠂ ᠣᠪᠤᠭᠠᠲᠠᠢ ᠂ ᠳᠣᠩᠬᠤᠯ ᠵᠡᠷᠬᠡ 8 ᠪᠠᠶᠢᠭᠠᠯᠢᠯᠢᠭ ᠲᠤᠰᠬᠤᠨ ᠬᠠᠷᠢᠶᠠᠯᠠᠬᠳᠠᠵᠤ ︿ ︿ ᠪᠠᠭᠠᠪᠡᠷᠬᠡ ᠭᠠᠴᠠᠭ᠎ᠠ ﹀ ﹀ ᠭᠡᠵᠦ ᠨᠡᠷᠡᠶᠢᠦᠨᠴᠦ ᠪᠠᠶᠢᠵᠠᠢ ᠃
      ᠲᠤᠬᠠᠢ ᠶ᠋ᠢᠨ ᠦᠶ᠎ᠡ ᠳ᠋ᠥ ᠪᠠᠰᠠ ︿ ︿ ᠳᠤᠮᠳᠠ ᠭᠠᠴᠠᠭ᠎ᠠ ﹀ ﹀ ᠭᠡᠵᠦ ᠳᠠᠭᠤᠳᠠᠵᠤ ᠪᠠᠶᠢᠪᠠ ᠃ ( ᠵᠡᠭᠦᠨ ᠲᠠᠯ᠎ᠠ ᠳ᠋ᠤᠨᠢ ᠬᠣᠶᠠᠷᠨᠠᠭᠤᠷ ᠭᠠᠴᠠᠭ᠎ᠠ ᠂ ᠪᠠᠷᠠᠭᠤᠨ ᠲᠠᠯ᠎ᠠ ᠳ᠋ᠤᠨᠢ ᠪᠣᠷᠤᠬᠤᠵᠠᠷ ᠭᠠᠴᠠᠭ᠎ᠠ ᠪᠠᠶᠢᠪᠠ ) ᠃
      1962 ᠣᠨ ᠤ ᠡᠬᠢᠨ ᠳ᠋ᠥ ᠂ ᠪᠠᠭᠠᠪᠡᠷᠬᠡ ᠨᠢ ᠲᠤᠰᠠᠭᠠᠷ ᠠᠷᠠᠳ ᠤᠨ ᠨᠢᠭᠡᠳᠦᠯ ᠪᠤᠯᠵᠦ ᠂ ᠡᠳᠦᠭᠡ ᠶ᠋ᠢᠨ ᠮᠦᠩᠬᠡ ᠂ ᠰᠢᠷᠠᠲᠠᠯ᠎ᠠ ᠂ ᠤᠳᠠᠨᠨᠠᠭᠤᠷ ᠂ ᠰᠢᠷᠠᠨᠠᠭᠤᠷ ᠂ ᠵᠡᠭᠦᠨ ᠪᠣᠷᠤᠬᠤᠵᠠᠷ ᠂ ᠪᠠᠷᠠᠭᠤᠨ ᠪᠣᠷᠤᠬᠤᠵᠠᠷ ᠂ ᠳᠤᠩᠬᠤᠯ ᠂ ᠣᠪᠤᠭᠠᠲᠠᠢ ᠂ ᠬᠠᠪᠢᠷᠭ᠎ᠠ ᠂  ᠪᠠᠭ᠎ᠠ ᠵᠡᠭᠡᠰᠦᠲᠡᠢ ᠂

ᠱᠸᠵᠢᠨ ᠂ ᠶᠡᠬᠡ ᠵᠡᠭᠡᠰᠦᠲᠡᠢ ᠂ ᠭᠤᠳᠤᠷᠠᠢ ᠂ ᠬᠤᠸᠠᠮᠤᠲᠠᠢ ᠵᠡᠷᠭᠡ 14 ᠠᠶᠢᠯ ᠲᠤᠰᠬᠤᠨ ᠢ ᠪᠠᠬᠲᠠᠭᠠᠨ    ︿ ︿ ᠪᠠᠭᠠᠪᠡᠷᠬᠡ  ﹀ ﹀ ᠨᠢ ᠰᠡᠭᠦᠯ ᠳ᠋ᠤᠨᠢ ᠰᠤᠮᠤ ᠪᠤᠯᠵᠦ 2006 ᠣᠨ ᠤ 6 ᠰᠠᠷ᠎ᠠ ᠳ᠋ᠥ ᠳᠠᠴᠢᠨᠲᠠᠯ᠎ᠠ ᠪᠠᠯᠭᠠᠰᠤᠨ ᠳ᠋ᠥ ᠬᠠᠷᠢᠶᠠᠯᠠᠬᠳᠠᠬᠤ ᠪᠤᠯᠵᠠᠢ ᠃

      ᠡᠨᠡ ᠬᠦ ᠪᠠᠭᠠᠪᠡᠷᠬᠡ ᠠᠨᠤ ᠶᠡᠬᠡ ᠪᠡᠷᠬᠡ ᠪᠤᠯᠬᠣ ︿ ︿ ᠭᠤᠷᠪᠠᠨ ᠰᠠᠶᠢᠬᠠᠨ ᠤ ᠪᠡᠷᠬᠡ ﹀ ﹀ ᠶ᠋ᠢᠨ ᠡᠩᠭᠡᠷ ᠲᠠᠯ᠎ᠠ ᠳ᠋ᠥ ᠪᠤᠢ ᠠᠵᠢ ᠃


                                       ᠸᠠᠩᠨᠣᠤᠨ ᠪᠣᠯᠤᠴᠢᠯᠠᠭᠤ ᠂ ᠯᠢ ᠪᠤᠶᠠᠨᠴᠤᠭᠯᠠ
ᠢᠷᠡᠯᠳᠡ᠄ ᠨᠠᠶᠢᠷᠠᠭᠤᠯᠤᠭᠴᠢ᠄ ᠳᠤᠯᠠᠭᠠᠨ