ᠨᠠᠢᠮᠠᠨ ᠤ ︿ ︿ ᠡᠾᠸᠦ ᠵᠢᠦᠸᠠᠢ ﹀ ﹀ ᠠᠷᠢᠬᠢᠨ ᠤ ᠢᠷᠡᠯᠲᠡ

ᠣᠩᠰᠢᠭᠰᠠᠨ ᠤᠳᠠᠭ᠎ᠠ ᠄ 7187     ᠨᠡᠶᠢᠳᠡᠯᠡᠭᠰᠡᠨ ᠴᠠᠭ ᠄ 2018/10/27 9:06:11

      ᠨᠠᠢᠮᠠᠨ ᠤ ︿ ︿ ᠡᠾᠸᠦ ᠵᠢᠦᠸᠠᠢ ﹀ ﹀ ᠠᠷᠢᠬᠢ ᠨᠢ ᠣᠤᠭᠤᠬᠤ ᠳ᠋ᠥ ᠠᠮᠲᠠᠯᠢᠭ ᠂ ᠦᠨᠦᠷ ᠠᠩᠬᠢᠯᠤᠮ᠎ᠠ ᠂ ᠤᠶᠠᠨ ᠵᠦᠭᠡᠯᠡᠪᠳᠦᠷ ᠪᠠᠶᠢᠳᠠᠭ ᠃
      ᠳᠠᠶᠢᠴᠢᠩ ᠭᠦᠷᠦᠨ ᠦ ᠲᠦᠷᠦ ᠭᠡᠷᠡᠯᠳᠦ ᠶ᠋ᠢᠨ 21 ᠳ᠋ᠦ᠋ᠭᠡᠷ ᠣᠨ  (1841 ) ᠳ᠋ᠥ ᠂ ᠨᠠᠢᠮᠠᠨ ᠬᠤᠰᠢᠭᠣᠨ ᠤ ᠠᠷᠪᠠᠨ ᠨᠢᠭᠡᠳᠦᠭᠡᠷ ᠵᠠᠰᠠᠬᠳᠤ ᠵᠢᠶᠦ᠋ᠨ ᠸᠠᠩ ᠳᠡᠮᠴᠦᠭᠵᠠᠪ ᠤᠨ ᠭᠠᠪᠢᠶ᠎ᠠ ᠵᠢᠦᠨᠬᠦᠯ ᠨᠢ ᠪᠣᠰᠣᠤᠨ ᠡᠴᠠ ᠴᠣᠯᠭᠤᠷᠠᠵᠤ ᠂ ᠴᠢᠩ ᠦᠨ ᠬᠠᠭᠠᠨ ᠳ᠋ᠥ ᠬᠦᠷᠭᠡᠨ ᠢᠶ᠋ᠡᠷ ᠰᠤᠩᠭᠤᠬᠳᠠᠨ ᠴᠡᠷᠢᠭ ᠵᠠᠰᠠᠭ ᠤᠨ ᠥᠨᠳᠦᠷ ᠵᠡᠷᠭᠡ ᠳ᠋ᠤᠷ ᠳᠡᠪᠰᠢᠭᠰᠡᠨ ᠪᠠᠶᠢᠨ᠎ᠠ ᠃ ᠳᠡᠮᠴᠦᠭᠵᠠᠪ ᠵᠢᠶᠦ᠋ᠨ ᠸᠠᠩ ᠬᠠᠭᠠᠨ ᠤ ᠶᠡᠭᠡ ᠢᠪᠡᠭᠡᠯ ᠳ᠋ᠥ ᠲᠠᠯᠠᠷᠬᠠᠬᠤ ᠶ᠋ᠢᠨ ᠲᠦᠯᠦᠭᠡ ᠲᠤᠰᠬᠠᠶᠢᠯᠠᠨ ᠨᠡᠶᠢᠰᠯᠡᠯ ᠬᠣᠲᠠ ᠡᠴᠠ ᠠᠷᠢᠬᠢ ᠨᠡᠷᠡᠬᠦ ᠮᠡᠷᠭᠡᠵᠢᠯᠲᠡᠨ ᠪᠠᠭᠰᠢ ᠶ᠋ᠢ ᠵᠠᠯᠠᠵᠤ ᠂ ᠣᠷᠳᠤᠨ ᠪᠣᠯᠤᠨ ᠣᠷᠤᠨ ᠨᠤᠳᠣᠭ ᠤᠨ ᠣᠯᠠᠮᠵᠢᠯᠠᠯᠳᠤ ᠮᠡᠷᠭᠡᠵᠢᠯ ᠢ ᠤᠶᠠᠯᠳᠤᠭᠤᠯᠤᠨ ᠂ ᠨᠠᠢᠮᠠᠨ ᠤ ᠣᠨᠴᠠ ᠭᠠᠷᠤᠯᠲᠠ ᠪᠣᠯᠬᠤ ᠫᠢᠩ ᠳ᠋ᠢᠩ ᠱᠠᠨ ᠠᠭᠤᠯᠠᠨ ᠤ ᠷᠠᠰᠢᠶᠠᠨ ᠴᠢᠯᠠᠭᠤᠨ  ᠤ ᠪᠤᠯᠠᠭ ᠤᠨ ᠤᠰᠤ ᠪᠠᠷ ᠠᠷᠢᠬᠢ ᠨᠡᠷᠡᠵᠦ ᠂ ᠬᠠᠭᠠᠨ ᠤ ᠣᠷᠳᠤᠨ ᠳ᠋ᠥ ᠬᠦᠷᠭᠡᠨ ᠡᠷᠭᠦᠭᠰᠡᠨ ᠪᠠᠶᠢᠨ᠎ᠠ ᠃ ᠣᠷᠳᠤᠨ ᠳ᠋ᠥ ᠡᠷᠭᠦᠭᠰᠡᠨ ᠡᠨᠡ ᠬᠦ ᠠᠷᠢᠬᠢ ᠨᠢ ᠬᠠᠭᠠᠨ ᠡᠵᠡᠨ ᠲᠦᠰᠢᠮᠡᠯ ᠰᠠᠶᠢᠤᠨ ᠨᠠᠷ ᠤᠨ ᠲᠠᠭᠠᠰᠢᠶᠠᠯ ᠢ ᠶᠡᠬᠡᠲᠡ ᠣᠯᠵᠤ ᠂ ᠵᠡᠷᠭᠡ ᠬᠡᠷᠬᠢᠮᠲᠡᠨ ᠢ ᠡᠷᠭᠦᠨ ᠲᠡᠪᠰᠢᠭᠦᠯᠬᠦ ᠨᠠᠶᠢᠷ ᠳᠠᠶᠢᠯᠠᠯᠭ᠎ᠠ ᠳ᠋ᠥ ᠬᠡᠷᠡᠭᠯᠡᠬᠦ ᠲᠤᠰᠬᠠᠢ ᠠᠷᠢᠬᠢ ᠪᠤᠯᠭᠠᠬᠰᠠᠨ ᠠᠵᠢ ᠃ ᠡᠶᠢᠨᠬᠦ ︿ ︿ ᠡᠾᠸᠦ ᠵᠢᠦᠸᠠᠢ ﹀ ﹀ ᠬᠡᠮᠡᠬᠦ ᠨᠡᠷ᠎ᠡ ᠣᠯᠤᠬᠰᠠᠨ ᠪᠠᠶᠢᠵᠠᠢ ᠃
      ᠲᠤᠰ ᠠᠷᠢᠬᠢ ᠨᠢ ᠪᠡᠶ᠎ᠡ ᠶ᠋ᠢ ᠲᠡᠦᠨᠬᠦᠬᠦ ᠡᠮ ᠦᠨ ᠤᠶᠢᠯᠡᠳᠦᠯ ᠲᠠᠢ ᠂ ᠨᠠᠨᠳᠢᠩᠨᠠᠨ ᠬᠠᠳᠠᠭᠠᠯᠠᠬᠤ ᠡᠷᠬᠢᠮ ᠪᠡᠨ᠎ᠡ ᠲᠠᠢ ᠪᠠᠶᠢᠵᠦ ᠂ 1993 ᠣᠨ ᠳ᠋ᠥ ᠪᠦᠬᠦ ᠣᠯᠤᠰ ᠤᠨ ᠠᠩᠬᠠᠳᠠᠬᠴᠢ ᠤᠳᠠᠭᠠᠨ ᠤ ᠵᠢᠭᠤᠴᠢᠯᠠᠯ ᠤᠨ ᠨᠡᠷᠡᠳᠥ ᠠᠷᠢᠬᠢ ᠶ᠋ᠢᠨ ᠦᠵᠡᠭᠦᠯᠦᠯᠭᠡ ᠳ᠋ᠥ ᠣᠨᠴᠠᠭᠠᠢ ᠠᠯᠲᠠᠨ ᠮᠸᠲᠡᠯ ᠣᠯᠵᠤ ᠂ ᠨᠠᠢᠮᠠᠨ ᠤ ᠰᠣᠶᠤᠯ ᠢ ᠭᠠᠶᠢᠬᠠᠭᠤᠯᠵᠠᠢ ᠃

                                                   ᠯᠢ ᠪᠤᠶᠠᠨᠴᠤᠭᠯᠠ
ᠢᠷᠡᠯᠳᠡ᠄ ᠨᠠᠶᠢᠷᠠᠭᠤᠯᠤᠭᠴᠢ᠄ ᠳᠤᠯᠠᠭᠠᠨ