ᠨᠠᠢᠮᠠᠨ ᠬᠤᠰᠢᠭᠤᠨ ᠤ 73 ᠭᠠᠴᠠᠭ᠎ᠠ ᠲᠣᠰᠬᠤᠨ ᠶᠠᠳᠠᠭᠤ ᠡᠴᠠᠠᠩᠭᠢᠵᠢᠷᠠᠬᠰᠠᠨ ᠢᠶᠡᠨ ᠨᠡᠶᠢᠲᠡᠯᠡᠪᠡ

ᠣᠩᠰᠢᠭᠰᠠᠨ ᠤᠳᠠᠭ᠎ᠠ ᠄ 5839     ᠨᠡᠶᠢᠳᠡᠯᠡᠭᠰᠡᠨ ᠴᠠᠭ ᠄ 2018/10/28 9:02:09

      10 ᠰᠠᠷ᠎ᠠ ᠳ᠋ᠤ ᠂ ᠨᠠᠢᠮᠠᠨ ᠬᠤᠰᠢᠭᠤᠨ ᠤ 11 ᠰᠤᠮᠤ ᠰᠢᠶᠠᠩ ᠪᠠᠯᠭᠠᠰᠤ ᠶ᠋ᠢᠨ 73 ᠭᠠᠴᠠᠭ᠎ᠠ ᠲᠣᠰᠬᠤᠨ ᠶᠠᠳᠠᠭᠤ ᠡᠴᠠ ᠠᠩᠭᠢᠵᠢᠷᠠᠬᠰᠠᠨ ᠢᠶᠡᠨ ᠰᠦᠯᠵᠢᠶ᠎ᠡ ᠪᠡᠷ ᠳᠠᠮᠵᠢᠨ ᠨᠡᠶᠢᠭᠡᠮ ᠳ᠋ᠦ ᠢᠯᠡ ᠨᠡᠶᠢᠲᠡᠯᠡᠪᠡ ᠃ ᠡᠭᠦᠨ ᠳ᠋ᠦ ᠂ ᠲᠦᠴᠸᠩᠽᠢ ᠰᠢᠶᠠᠩ 5 ᠲᠣᠰᠬᠤᠨ ᠂ ᠪᠠᠶᠢᠰᠢᠩᠲᠤ ᠪᠠᠯᠭᠠᠰᠤ 21 ᠲᠣᠰᠬᠤᠨ ᠂ ᠤᠯᠢᠶᠠᠰᠤ ᠰᠢᠶᠠᠩ 2 ᠲᠣᠰᠬᠤᠨ ᠂ ᠾᠢ ᠠᠨ ᠪᠠᠯᠭᠠᠰᠤ 15 ᠲᠣᠰᠬᠤᠨ ᠂ ᠴᠢᠩ ᠯᠦᠩ ᠱᠠᠨ ᠪᠠᠯᠭᠠᠰᠤ 3 ᠲᠣᠰᠬᠤᠨ ᠂ ᠰᠢᠨ ᠵᠸᠨ ᠪᠠᠯᠭᠠᠰᠤ 4 ᠲᠣᠰᠬᠤᠨ ᠂ ᠬᠣᠩᠬᠤᠷᠲᠠᠯ᠎ᠠ ᠰᠤᠮᠤ 8 ᠭᠠᠴᠠᠭ᠎ᠠ ᠂ ᠭᠣᠷᠪᠠᠨᠬᠤᠸᠠ ᠰᠤᠮᠤ 3 ᠭᠠᠴᠠᠭ᠎ᠠ ᠂ ᠳ᠋ᠦᠩᠮᠢᠩ ᠪᠠᠯᠭᠠᠰᠤ 2 ᠲᠣᠰᠬᠤᠨ ᠂ ᠳᠠᠴᠢᠨᠲᠠᠯ᠎ᠠ ᠪᠠᠯᠭᠠᠰᠤ 2 ᠲᠣᠰᠬᠤᠨ ᠂ ᠪᠠᠶᠠᠨᠲᠠᠯ᠎ᠠ ᠰᠤᠮᠤ8 ᠭᠠᠴᠠᠭ᠎ᠠ ᠪᠤᠢ ᠃ ᠡᠳᠡᠭᠡᠷ 73 ᠭᠠᠴᠠᠭ᠎ᠠ ᠲᠣᠰᠬᠤᠨ ᠤ ᠶᠠᠳᠠᠭᠤ ᠶ᠋ᠢᠨ ᠨᠣᠷᠮ᠎ᠠ ᠴᠦᠮ ᠵᠠᠭᠤᠨ ᠤ ᠭᠤᠷᠪᠠ ᠡᠴᠠ ᠳᠣᠭᠤᠬᠰᠢ ᠪᠠᠶᠢᠵᠤ ᠂ ᠨᠡᠶᠢᠲᠡ ᠶ᠋ᠢᠨ ᠤᠶᠢᠯᠡᠴᠢᠯᠡᠭᠡ ᠪᠣᠯᠣᠨ ᠰᠠᠭᠤᠷᠢ ᠲᠥᠭᠦᠭᠡᠷᠦᠮᠵᠢ ᠶ᠋ᠢᠨ ᠪᠦᠳᠦᠭᠡᠨ ᠪᠠᠶᠢᠭᠤᠯᠤᠯᠲᠠ ᠶ᠋ᠢᠨ ᠲᠥᠪᠰᠢᠨ ᠢᠯᠡᠷᠬᠡᠢ ᠳᠡᠭᠡᠭᠰᠢᠯᠡᠵᠦ ᠂ ᠳᠣᠬᠲᠠᠭᠤᠨ ᠣᠷᠤᠯᠭ᠎ᠠ ᠶ᠋ᠢᠨ ᠨᠡᠮᠡᠭᠳᠡᠯ ᠲᠠᠢ ᠠᠵᠤ ᠤᠶᠢᠯᠡᠰ ᠲᠠᠢ ᠪᠣᠯᠵᠠᠢ ᠃ ᠬᠠᠮᠳᠤ ᠶ᠋ᠢᠨ ᠠᠵᠤ ᠠᠬᠤᠢ ᠶ᠋ᠢᠨ ᠣᠷᠤᠯᠭ᠎ᠠ ᠶᠡᠬᠡᠪᠡᠷ ᠨᠡᠮᠡᠭᠳᠡᠵᠦ ᠶᠠᠳᠠᠭᠤ ᠡᠴᠠ ᠠᠩᠭᠢᠵᠢᠷᠠᠬᠤ ᠪᠠᠶᠢᠩᠭᠤ ᠶ᠋ᠢᠨ ᠳᠣᠬᠲᠠᠴᠠ ᠲᠡᠭᠦᠯᠳᠡᠷᠵᠢᠵᠡᠢ ᠃ ᠨᠥᠭᠡᠴᠡ ᠲᠠᠢ ᠬᠥᠭᠵᠢᠯᠲᠡ ᠶ᠋ᠢᠨ ᠬᠦᠴᠦᠨ ᠶᠡᠬᠡᠰᠴᠦ ᠶᠠᠳᠠᠭᠤ ᠡᠴᠠ ᠤᠬᠤᠷᠢᠨ ᠭᠠᠷᠬᠤ ᠪᠠᠷᠢᠮᠵᠢᠶᠠᠨ ᠳ᠋ᠤ ᠬᠦᠷᠴᠡᠢ  ᠭᠡᠵᠦ  ᠬᠤᠰᠢᠭᠤ ᠪᠠᠯᠭᠠᠰᠤᠨ ᠤ ᠬᠠᠮᠢᠶ᠎ᠠ ᠪᠦᠬᠦᠢ ᠡᠷᠬᠡᠳᠦ ᠪᠠᠶᠢᠭᠤᠯᠤᠯᠭ᠎ᠠ ᠶ᠋ᠢᠨ ᠬᠢᠨ ᠦᠵᠡᠵᠦ ᠪᠤᠢ ᠃    

                                                          ᠪᠤᠶᠠᠨᠴᠤᠬᠯᠠ
ᠢᠷᠡᠯᠳᠡ᠄ ᠨᠠᠶᠢᠷᠠᠭᠤᠯᠤᠭᠴᠢ᠄ ᠳᠤᠯᠠᠭᠠᠨ

ᠬᠠᠮᠢᠶ᠎ᠡ ᠪᠦᠬᠦᠢ ᠰᠣᠨᠢᠨ