ᠥᠪᠡᠷ ᠢ ᠪᠡᠨ ᠵᠣᠷᠢᠬᠵᠢᠭᠤᠯᠵᠤ ︿ ︿ ᠥᠨᠥᠳᠥᠷ ﹀ ﹀ ᠢ ᠰᠠᠶᠢᠳᠤᠷ ᠠᠰᠢᠬᠯᠠᠬᠤ ᠬᠡᠷᠡᠭᠲᠡᠢ

ᠣᠩᠰᠢᠭᠰᠠᠨ ᠤᠳᠠᠭ᠎ᠠ ᠄ 5987     ᠨᠡᠶᠢᠳᠡᠯᠡᠭᠰᠡᠨ ᠴᠠᠭ ᠄ 2018/10/27 8:58:10

      ᠵᠠᠯᠠᠭᠤ ᠬᠦᠮᠦᠨ ᠥᠪᠡᠷ ᠢ ᠪᠡᠨ ᠰᠠᠶᠢᠳᠤᠷ ᠵᠣᠷᠢᠬᠵᠢᠭᠤᠯᠵᠤ ︿ ︿ ᠥᠨᠥᠳᠥᠷ ﹀ ﹀ ᠢ ᠴᠢᠳᠠᠮᠠᠭᠠᠢ ᠠᠰᠢᠬᠯᠠᠬᠤ ᠨᠢ ᠥᠭᠡᠳᠡᠯᠡᠨ ᠮᠠᠨᠳᠤᠬᠤ ᠶ᠋ᠢᠨ ᠰᠢᠨᠵᠢ ᠲᠡᠮᠳᠡᠭ ᠪᠠᠶᠢᠵᠤ ᠂ ᠢᠷᠡᠭᠡᠳᠦᠢ ᠴᠢᠨᠢ ᠰᠠᠷᠠᠭᠤᠯ ᠤᠶᠢᠯᠡᠰ ᠴᠢᠨᠢ ᠰᠠᠶᠢᠬᠠᠨ ᠪᠣᠯᠬᠤ ᠨᠢ ᠳᠠᠮᠵᠢᠭ ᠦᠭᠡᠢ ᠶᠤᠮ ᠃
      ᠥᠪᠡᠷ ᠢ ᠪᠡᠨ ᠵᠣᠷᠢᠬᠵᠢᠭᠤᠯᠵᠤ ︿ ︿ ᠥᠨᠥᠳᠥᠷ ﹀ ﹀  ᠢ ᠠᠰᠢᠬᠯᠠᠵᠤ ᠴᠢᠳᠠᠬᠤ ᠡᠰᠡᠬᠦ ᠨᠢ ᠬᠦᠰᠡᠯᠡᠩ ᠪᠣᠯᠣᠨ ᠴᠢᠷᠮᠠᠶᠢᠯᠭ᠎ᠠ ᠯᠤᠭ᠎ᠠ ᠰᠢᠭᠣᠤᠨ ᠬᠣᠯᠪᠤᠬᠳᠠᠨ᠎ᠠ ᠃ ︿ ︿ ᠬᠦᠰᠡᠯᠡᠩ ᠪᠣᠯ ᠤᠷᠢ ᠵᠠᠯᠠᠭᠤ ᠶ᠋ᠢ ᠬᠥᠭᠵᠢᠭᠡᠬᠦ ᠣᠴᠢ ᠂ ᠤᠷᠤᠬᠰᠢᠯᠠᠯᠲᠠ ᠶ᠋ᠢ ᠱᠠᠯᠠᠪᠳᠠᠬᠤ ᠪᠦᠷᠢᠶ᠎ᠡ ﹀ ﹀ ᠭᠡᠵᠦ ᠮᠡᠷᠭᠡᠳ ᠦᠨ ᠬᠡᠯᠡᠭᠰᠡᠨ ᠦᠭᠡ ᠨᠡᠬᠡᠷᠡᠨ ᠲᠦᠮᠡᠨ ᠵᠥᠪ ᠪᠠᠶᠢᠵᠤ ᠴᠡᠭᠡᠵᠢᠯᠡᠭᠦᠰᠢᠲᠡᠢ ᠶᠤᠮ ᠃ ᠵᠠᠯᠠᠭᠤ  ᠬᠦᠮᠦᠰ ᠥᠪᠡᠷ ᠦᠨ ᠳᠣᠳᠤᠭᠠᠳᠤ ᠰᠡᠦᠨᠬᠢᠯᠭᠡ ᠤᠬᠠᠮᠰᠠᠷ ᠡᠴᠠ ᠪᠠᠨ ᠬᠤᠪᠢ ᠶ᠋ᠢᠨ ᠳᠠᠪᠰᠢᠯᠲᠠ ᠪᠠᠨ ᠥᠭᠡᠷᠡᠴᠢᠯᠡᠯᠲᠡ ᠶ᠋ᠢᠨ ᠬᠡᠷᠡᠭᠴᠡᠭᠡ ᠣᠳᠤᠬᠢᠴᠢᠯᠠᠯᠲᠠ ᠶ᠋ᠢᠨ ᠤᠶᠢᠯᠡᠰ ᠲᠠᠢ ᠬᠣᠯᠪᠤᠵᠤ ᠴᠠᠭ ᠢᠮᠠᠬᠲᠠ ᠵᠥᠪ ᠬᠦᠰᠡᠯᠡᠩ ᠲᠠᠢ ᠪᠠᠶᠢᠬᠤ ᠬᠡᠷᠡᠭᠲᠡᠢ ᠶᠤᠮ ᠃ ᠠᠯᠤᠰ ᠬᠡᠳᠦ ᠶ᠋ᠢᠨ ᠠᠤᠭ᠎ᠠ ᠬᠦᠰᠡᠯᠡᠩ ᠪᠠᠶᠢᠮᠠᠨᠵᠢᠨ ᠰᠠᠶᠢ ᠥᠪᠡᠷ ᠢ ᠪᠡᠨ ᠬᠦᠴᠦᠲᠡᠢ ᠵᠣᠷᠢᠬᠵᠢᠭᠤᠯᠵᠤ ︿ ︿ ᠥᠨᠥᠳᠥᠷ ﹀ ﹀ ᠢ ᠰᠠᠶᠢᠳᠤᠷ ᠠᠰᠢᠬᠯᠠᠵᠤ ᠴᠢᠳᠠᠨ᠎ᠠ ᠃ ᠵᠠᠷᠢᠮ ᠵᠠᠯᠠᠭᠤᠴᠤᠳ ︿ ︿ ᠵᠠᠯᠠᠭᠤ ᠬᠦᠮᠦᠨ ᠦ ᠵᠠᠮ ᠤᠨ ᠬᠦᠵᠦᠭᠦᠦ ᠤᠷᠳᠤ ﹀ ﹀ ᠭᠡᠳᠡᠭ ᠢ ᠬᠠᠷᠢᠨ ᠪᠣᠷᠤᠭᠤ ᠪᠠᠷ ᠤᠶᠢᠯᠠᠭᠠᠨ ᠂ ᠨᠠᠵᠠᠭᠠᠶᠢᠷᠠᠨ ᠬᠣᠶᠢᠷᠭᠤᠰᠢᠵᠤ ︿ ︿ ᠥᠨᠥᠳᠥᠷ ﹀ ﹀ ᠢ ᠰᠠᠶᠢᠳᠤᠷ ᠠᠰᠢᠬᠯᠠᠬᠤ ᠦᠭᠡᠢ ︿ ︿ ᠮᠠᠷᠭᠠᠰᠢ ﹀ ﹀ ᠳ᠋ᠤ ᠬᠡᠢ ᠬᠦᠰᠡᠯ ᠬᠠᠶᠠᠨ ᠶᠠᠮᠠᠷᠴᠣ ᠦᠨ᠎ᠡ ᠥᠷᠲᠡᠭ ᠦᠭᠡᠢ ᠪᠡᠷ ︿ ︿ ᠥᠨᠥᠳᠥᠷ ﹀ ﹀ ᠢ ᠨᠢᠭᠡ ᠨᠢᠭᠡ ᠪᠡᠷ ᠦᠳᠡᠨ ᠮᠣᠷᠳᠠᠭᠤᠯᠵᠤ ︿ ︿ ᠮᠠᠷᠭᠠᠰᠢ ﹀ ﹀ ᠶ᠋ᠢ ᠨᠢᠭᠡ ᠨᠢᠭᠡ ᠪᠡᠷ ᠤᠬᠲᠤᠨ ᠥᠩᠭᠡᠷᠡᠭᠰᠡᠭᠡᠷ ︿ ︿ ᠥᠨᠥᠳᠥᠷ ﹀ ﹀ ᠤᠨ ︿ ︿ ᠮᠠᠷᠭᠠᠰᠢ ﹀ ﹀ ᠂ ︿ ︿ ᠮᠠᠷᠭᠠᠰᠢ ﹀ ﹀ ᠶ᠋ᠢᠨ ︿ ︿ ᠮᠠᠷᠭᠠᠰᠢ ﹀ ﹀ ᠪᠠᠷᠠᠰᠢ ᠦᠭᠡᠢ ᠪᠣᠯᠵᠤ ᠂ ᠡᠶᠢᠨᠬᠦ ᠡᠳᠥᠷ ᠰᠦᠨᠢ ᠶ᠋ᠢ  ᠨᠥᠭᠴᠢᠭᠡᠨ ᠡᠪᠦᠯ ᠵᠤᠨ ᠢ  ᠡᠭᠡᠯᠵᠢᠯᠡᠭᠰᠡᠭᠡᠷ ᠰᠡᠭᠡᠰᠬᠢᠨ ᠮᠡᠳᠡᠬᠦ ᠳ᠋ᠦ ᠴᠢᠨᠢ ᠬᠠᠷᠢᠨ ︿ ︿ ᠲᠥᠷᠦᠭᠰᠡᠨ ᠪᠡᠶ᠎ᠡ ᠮᠠᠷᠭᠠᠰᠢ ᠶ᠋ᠢ ᠬᠦᠯᠢᠶᠡᠭᠰᠡᠭᠡᠷ ᠲᠦᠮᠡᠨ ᠬᠡᠷᠡᠭ ᠲᠦ ᠲᠠᠯᠠᠭᠠᠷ ᠰᠠᠭᠤᠬᠤ ﹀ ﹀ ᠬᠡᠷᠡᠭ ᠪᠣᠯᠵᠤ ᠂ ᠭᠡᠮᠰᠢᠪᠡᠰᠦ ᠣᠷᠣᠶᠢᠲᠠᠬᠤ ᠠᠵᠤᠭᠤ ᠃ ᠳᠠᠷᠤᠢ ᠥᠨᠥᠳᠥᠷ ᠦᠨ ᠴᠢᠷᠮᠠᠶᠢᠯᠭ᠎ᠠ ᠴᠢᠨᠢ ᠰᠤᠯᠠᠷᠠᠪᠠᠯ ᠮᠠᠷᠭᠠᠰᠢ ᠶ᠋ᠢᠨ ᠬᠦᠰᠡᠯᠡᠩ ᠴᠢᠨᠢ ᠬᠥᠭᠡᠰᠦ ᠪᠣᠯᠣᠨ ᠵᠠᠮᠬᠠᠷᠠᠬᠤ ᠨᠢ ᠯᠠᠪᠲᠠᠢ ᠶᠤᠮ ᠃
      ᠡᠶᠢᠮᠦ ᠡᠴᠡ ᠂ ᠥᠩᠭᠡᠷᠡᠨ ᠣᠳᠤᠬᠰᠠᠨ ᠥᠴᠦᠭᠡᠳᠦᠷ ᠲᠦ ᠰᠠᠨᠠᠭ᠎ᠠ ᠰᠡᠭᠦᠷᠡᠰᠦ ᠠᠯᠳᠠᠯ ᠦᠭᠡᠢ ᠂ ᠡᠷᠭᠢᠨ ᠢᠷᠡᠬᠦ ᠮᠠᠷᠭᠠᠰᠢ ᠳ᠋ᠤ ᠬᠡᠢ ᠬᠦᠰᠡᠯ ᠲᠠᠯᠪᠢᠯ ᠦᠭᠡᠢ ᠭᠠᠬᠴᠠᠬᠦ ︿ ︿ ᠥᠨᠥᠳᠥᠷ  ﹀ ﹀ ᠢ ᠴᠢᠳᠠᠮᠠᠭᠠᠢ ᠰᠠᠶᠢᠬᠠᠨ ᠠᠰᠢᠬᠯᠠᠨ ᠴᠢᠷᠮᠠᠶᠢᠨ ᠰᠤᠷᠤᠯᠴᠠᠵᠤ ᠂ ᠡᠷᠳᠡᠮ ᠰᠤᠷᠴᠤ ᠮᠡᠳᠡᠯᠭᠡ ᠡᠵᠡᠮᠰᠢᠨ ᠴᠢᠳᠠᠪᠤᠷᠢ ᠲᠠᠢ ᠪᠣᠯᠪᠠᠯ ᠰᠠᠶᠢ ᠢᠷᠡᠭᠡᠳᠦᠢ ᠳ᠋ᠦ ᠬᠠᠮᠢᠭ᠎ᠠ ᠬᠦᠷᠴᠦ ᠶᠠᠭᠤ ᠬᠢᠭᠰᠡᠨ ᠴᠤ ᠥᠷᠦᠭᠡᠯ ᠡᠴᠡ ᠬᠣᠵᠢᠬᠳᠠᠬᠤ ᠦᠭᠡᠢ ᠡᠩᠨᠡᠭᠡᠨ ᠡᠴᠡ ᠭᠤᠭᠤᠵᠢᠬᠳᠠᠬᠤ ᠦᠭᠡᠢ ᠪᠣᠯᠬᠤ ᠶᠤᠮ ᠃ ᠥᠭᠡᠷ᠎ᠡ ᠪᠡᠷ ᠬᠡᠯᠡᠪᠡᠯ ᠬᠦᠮᠦᠨ ᠬᠡᠳᠦᠶᠢᠪᠡᠷ ᠠᠶᠠᠨ ᠤ ᠤᠷᠳᠤ ᠳ᠋ᠤ ᠪᠡᠶ᠎ᠡ ᠴᠢᠯᠡᠭᠰᠡᠨ ᠴᠤ ᠠᠮᠢᠳᠤᠷᠠᠯ ᠤᠨ ᠤᠷᠳᠤ ᠳ᠋ᠤ ᠵᠣᠷᠢᠭ ᠮᠣᠬᠤᠬᠤ ᠦᠭᠡᠢ ᠪᠣᠯ ᠰᠠᠶᠢᠨ ᠰᠠᠶᠢᠬᠠᠨ ᠂ ᠪᠠᠶᠠᠷ ᠪᠠᠶᠠᠰᠤᠯ ᠂ ᠵᠣᠯ ᠵᠢᠷᠭᠠᠯ ᠪᠡᠶ᠎ᠡ ᠪᠦᠯᠢ ᠡᠴᠡ ᠬᠡᠵᠢᠶᠡᠳᠡ ᠵᠠᠶᠢᠳᠠᠬᠤ ᠦᠭᠡᠢ ᠶᠤᠮ ᠃
                     
                                            ᠯᠢ ᠪᠤᠶᠠᠨᠴᠤᠬᠯᠠ
ᠢᠷᠡᠯᠳᠡ᠄ ᠨᠠᠶᠢᠷᠠᠭᠤᠯᠤᠭᠴᠢ᠄ ᠳᠤᠯᠠᠭᠠᠨ

ᠬᠠᠮᠢᠶ᠎ᠡ ᠪᠦᠬᠦᠢ ᠰᠣᠨᠢᠨ