︿ ︿ ᠵᠣᠯ ᠵᠢᠷᠭᠠᠯ ﹀ ﹀ ᠢ ᠵᠥᠪ ᠲᠠᠨᠢᠶ᠎ᠠ

ᠣᠩᠰᠢᠭᠰᠠᠨ ᠤᠳᠠᠭ᠎ᠠ ᠄ 695     ᠨᠡᠶᠢᠳᠡᠯᠡᠭᠰᠡᠨ ᠴᠠᠭ ᠄ 2018/10/26 16:54:23

      ᠣᠳᠣᠬᠠᠨ ᠳ᠋ᠤ ᠂ ᠨᠡᠶᠢᠭᠡᠮ ᠳᠡᠭᠡᠷ᠎ᠡ ︿ ︿ ᠵᠣᠯ ᠵᠢᠷᠭᠠᠯᠳᠤ ᠭᠡᠷ ᠪᠦᠯᠢ ﹀ ﹀ ᠭᠡᠵᠦ ᠰᠤᠩᠭᠤᠨ ᠰᠢᠯᠭᠠᠷᠠᠭᠤᠯᠬᠤ ᠠᠵᠢᠯᠯᠠᠭᠠᠨ ᠥᠷᠨᠢᠵᠦ ᠂ ᠬᠥᠷ ᠬᠥᠭᠵᠢᠭᠡᠨ ᠲᠠᠢ ᠶᠠᠪᠤᠬᠳᠠᠵᠤ ᠪᠤᠢ ᠃ ᠡᠨᠡ ᠨᠢ ᠪᠣᠯᠪᠠᠰᠤᠨ ᠡᠷᠦᠬᠡ ᠶ᠋ᠢ ᠵᠣᠷᠢᠬᠵᠢᠭᠤᠯᠤᠨ ᠪᠣᠯᠪᠠᠰᠤᠨ ᠮᠤᠷᠠᠯ ᠢ ᠤᠯᠠᠮᠵᠢᠯᠠᠨ ᠳᠡᠯᠭᠡᠷᠡᠭᠦᠯᠬᠦ ᠳ᠋ᠦ ᠠᠰᠢᠭ ᠰᠠᠶᠢᠲᠠᠢ ᠢᠳᠡᠪᠬᠢ ᠠᠷᠭ᠎ᠠ ᠪᠣᠯᠵᠤ ᠲᠠᠭᠠᠷᠠᠨ᠎ᠠ ᠃ ᠭᠡᠪᠡᠴᠦ ︿ ︿ ᠵᠣᠯ ᠵᠢᠷᠭᠠᠯᠳᠤ ᠭᠡᠷ ᠪᠦᠯᠢ ﹀ ﹀ ᠭᠡᠰᠡᠨ ᠨᠡᠷᠡᠶᠢᠳᠦᠯ ᠨᠢ ᠨᠠᠳᠠᠳᠤ ᠲᠤᠩ ᠶᠡᠷᠦᠮᠳᠡᠭ ᠰᠠᠨᠠᠬᠳᠠᠭᠠᠤᠨ ᠪᠠᠶᠢᠨ᠎ᠠ ᠃ ᠡᠨᠡ ᠨᠡᠷᠡᠶᠢᠳᠦᠯ ᠨᠢ 40 ᠵᠢᠯ ᠦᠨ ᠴᠠᠭᠠᠨ᠎ᠠ ᠥᠭᠡᠷᠡᠴᠢᠯᠡᠯᠲᠡ ᠨᠡᠭᠡᠭᠡᠯᠲᠡ ᠡᠴᠡ ᠡᠮᠦᠨ᠎ᠡ ᠪᠣᠯ ᠂ ᠨᠡᠩ ᠢᠯᠠᠩᠭᠤᠶ᠎ᠠ 70 ᠵᠢᠯ ᠦᠨ ᠳᠡᠷᠲᠡᠭᠡ  ᠲᠠᠪᠢᠭᠠᠳ ᠣᠨ ᠳ᠋ᠤ ᠪᠣᠯᠤᠬᠰᠠᠨ ᠪᠣᠯ ᠢᠷᠠᠭᠤ ᠠᠯᠳᠠᠷᠳᠤ ᠰᠠᠶᠢᠬᠠᠨ ᠨᠡᠷᠡᠶᠢᠳᠦᠯ ᠪᠣᠯᠬᠤ ᠨᠢ ᠳᠠᠮᠵᠢᠭ ᠦᠭᠡᠢ ᠯᠠᠪᠲᠠᠢ ᠶᠤᠮ ᠃ ᠣᠳᠣᠬᠠᠨ ᠳ᠋ᠤ ᠪᠣᠯ ᠦᠨᠡᠨ ᠳ᠋ᠡᠬᠡᠨ ᠡᠷᠦᠬᠡ ᠪᠦᠬᠦᠨ ᠴᠦᠮ ᠵᠣᠯ ᠵᠢᠷᠭᠠᠯᠳᠤ ᠭᠡᠷ ᠪᠦᠯᠢ ᠪᠣᠯᠵᠤ ᠪᠠᠶᠢᠨ᠎ᠠ ᠃ ᠡᠳᠦᠭᠡ ᠪᠢᠲᠡᠨᠦᠰ ᠪᠦᠭᠦᠳᠡᠭᠡᠷ ᠳᠡᠭᠡᠷ᠎ᠡ ᠪᠡᠨ ᠳᠠᠷᠤᠯᠠᠯ ᠦᠭᠡᠢ ᠳᠡᠷᠭᠡᠳᠡ ᠮᠦᠯᠵᠢᠯ ᠦᠭᠡᠢ ᠡᠷᠬᠡ ᠴᠢᠯᠦᠭᠡ ᠲᠠᠢ ᠠᠮᠤᠷ ᠲᠥᠪᠰᠢᠨ ᠠᠮᠢᠳᠤᠷᠠᠵᠤ ᠪᠠᠶᠢᠨ᠎ᠠ ᠃ ᠡᠨᠡ ᠪᠣᠯ ᠵᠣᠯ ᠵᠢᠷᠭᠠᠯ ᠃ ᠢᠳᠡᠬᠦ ᠰᠠᠶᠢᠨ ᠡᠮᠦᠰᠬᠦ ᠭᠤᠶᠤ ᠡᠳᠥᠷ ᠡᠳᠥᠷ ᠰᠢᠨᠡᠯᠡᠵᠦ ᠪᠠᠶᠢᠬᠤ ᠮᠡᠳᠥ ᠃ ᠡᠨᠡ ᠪᠣᠯ ᠵᠣᠯ ᠵᠢᠷᠭᠠᠯ ᠃ ᠨᠠᠰᠤᠲᠠᠨ ᠳ᠋ᠤ ᠨᠥᠬᠦᠪᠦᠷᠢ ᠲᠠᠢ ᠨᠠᠷᠭᠢᠮ᠎ᠠ ᠳ᠋ᠤ   ᠳᠠᠭᠠᠣᠨᠬᠠᠯ ᠲᠠᠢ ᠃ ᠡᠨᠡ ᠪᠣᠯ ᠵᠣᠯ ᠵᠢᠷᠭᠠᠯ ᠃ ᠠᠶᠢᠯ ᠲᠣᠭᠤᠷᠢᠬᠤ ᠳ᠋ᠤ ᠠᠯᠬᠤᠬᠤ ᠦᠭᠡᠢ ᠠᠵᠢᠯ ᠬᠢᠭᠡᠦᠨ ᠶᠠᠳᠠᠷᠠᠬᠤ ᠦᠭᠡᠢ ᠃ ᠡᠨᠡ ᠪᠣᠯ ᠵᠣᠯ ᠵᠢᠷᠭᠠᠯ ᠃ ᠣᠷᠣᠨ ᠰᠠᠭᠤᠴᠠ ᠳᠣᠬᠢᠯᠢᠭ ᠰᠠᠶᠢᠬᠠᠨ ᠡᠷᠡᠭᠦᠯ ᠮᠡᠨᠳᠦ  ᠪᠠᠳᠤᠯᠠᠭ᠎ᠠ ᠰᠠᠶᠢᠲᠠᠢ ᠃ ᠡᠨᠡ ᠪᠣᠯ ᠵᠣᠯ ᠵᠢᠷᠭᠠᠯ ᠃ ᠦᠨᠡᠨᠬᠦ ︿ ︿ ᠲᠡᠭᠷᠢ ᠶ᠋ᠢᠨ ᠵᠢᠷᠭᠠᠯ ﹀ ﹀ ᠭᠡᠭᠴᠢ ᠡᠳᠦᠭᠡ ᠡᠷᠡᠨ ᠦ ᠡᠨᠡ ᠪᠦᠯᠦᠭᠡ ᠃
      ᠵᠣᠯ ᠵᠢᠷᠭᠠᠯ ᠨᠢ ᠬᠦᠮᠦᠰ ᠦᠨ ᠰᠡᠦᠨᠬᠢᠴᠡ ᠲᠠᠢ ᠨᠢᠬᠲᠠ ᠬᠣᠯᠪᠤᠭ᠎ᠠ ᠲᠠᠢ ᠪᠠᠶᠢᠳᠠᠭ ᠃ ᠪᠢᠳᠠ ᠵᠣᠯ ᠵᠢᠷᠭᠠᠯ ᠢᠶᠡᠨ ᠮᠡᠳᠡᠷᠡᠬᠦ ᠬᠡᠷᠡᠭᠲᠡᠢ ᠂ ᠵᠣᠯ ᠵᠢᠷᠭᠠᠯ ᠢᠶᠡᠨ ᠡᠳ᠋ᠯᠡᠬᠦ ᠬᠡᠷᠡᠭᠲᠡᠢ ᠃ ᠵᠣᠯ ᠵᠢᠷᠭᠠᠯ ᠨᠢ ᠪᠠᠶᠠᠨ ᠡᠷᠬᠢᠮ ᠳᠡᠭᠡᠷ᠎ᠡ ᠪᠠᠶᠠᠷ ᠴᠡᠩᠭᠡᠯ ᠢ ᠨᠡᠮᠡᠵᠦ ᠂ ᠡᠷᠬᠡ ᠴᠢᠯᠦᠭᠡ ᠶ᠋ᠢᠨ ᠳᠡᠭᠡᠷ᠎ᠡ ᠡᠳ᠋ ᠮᠥᠩᠭᠥ ᠶ᠋ᠢ ᠨᠡᠮᠡᠭᠰᠡᠨ ᠪᠠᠶᠢᠳᠠᠭ ᠃  ᠵᠣᠯ ᠵᠢᠷᠭᠠᠯ ᠭᠡᠭᠴᠢ ᠳᠠᠷᠤᠢ ᠪᠠᠶᠠᠨ ᠡᠷᠬᠢᠮ ᠂ ᠪᠠᠶᠠᠷ ᠴᠡᠩᠭᠡᠯ ᠂ ᠡᠷᠬᠡ ᠴᠢᠯᠦᠭᠡ ᠂ ᠡᠳ᠋ ᠮᠦᠩᠬᠦᠨ ᠦ ᠪᠦᠷᠢᠯᠳᠦᠯ ᠪᠠᠶᠢᠭ᠎ᠠ ᠶᠤᠮ ᠃ ᠲᠡᠭᠡᠪᠡᠯ ᠣᠳᠣᠬᠠᠨ ᠳ᠋ᠤ ᠂ ᠨᠠᠮ ᠵᠠᠰᠠᠭ ᠡᠴᠠ ᠮᠠᠨᠤᠰ ᠲᠤ ᠪᠠᠶᠠᠨ ᠡᠷᠬᠢᠮ ᠂ ᠡᠷᠬᠡ ᠴᠢᠯᠦᠭᠡ ᠂ ᠡᠳ᠋ ᠮᠥᠩᠭᠥ ᠶ᠋ᠢ ᠦᠨᠳᠦᠰᠦᠨ ᠳ᠋ᠦ᠋ᠨᠢ ᠪᠠᠳᠤᠯᠠᠨ ᠥᠭᠴᠦ ᠬᠠᠩᠭᠠᠵᠤ ᠪᠠᠶᠢᠨ᠎ᠠ ᠃ ᠪᠢᠳᠠ ᠥᠪᠡᠰᠦᠪᠡᠨ ᠪᠠᠶᠠᠷ ᠴᠡᠩᠭᠡᠯ ᠢᠶ᠋ᠡᠨ ᠪᠠᠳᠤᠯᠠᠵᠤ ᠪᠠᠶᠢᠪᠠᠯ ᠮᠠᠨᠤᠰ ᠤᠨ ᠠᠮᠢᠳᠤᠷᠠᠯ ᠂ ᠮᠠᠨᠤᠰ ᠤᠨ ᠭᠡᠷ ᠪᠦᠯᠢ ᠵᠣᠯ ᠵᠢᠷᠭᠠᠯ ᠪᠢᠯᠬᠠᠮ᠎ᠠ ᠪᠣᠯᠬᠤ ᠨᠢ ᠯᠠᠪᠲᠠᠢ ᠶᠤᠮ ᠃ ᠭᠡᠬᠦ ᠳ᠋ᠦ ᠂ ᠬᠠᠶᠠ ᠵᠠᠷᠢᠮ ᠬᠦᠮᠦᠰ ᠣᠨᠴᠠᠭᠠᠶᠢᠯᠠᠨ ᠵᠠᠯᠠᠭᠤᠴᠤᠳ ᠥᠪᠡᠷ ᠦᠨ ᠪᠡᠶ᠎ᠡ ᠪᠡᠨ ᠥᠪᠡᠷ ᠲᠡᠬᠡᠨ ᠵᠣᠪᠠᠭᠠᠵᠤ ᠵᠣᠯ ᠵᠢᠷᠭᠠᠯ ᠢᠶᠡᠨ ᠠᠯᠳᠠᠵᠤ ᠶᠠᠪᠤᠬᠤ ᠨᠢ ᠬᠠᠴᠢᠨ ᠪᠣᠯᠵᠤ ᠰᠠᠨᠠᠬᠳᠠᠨ᠎ᠠ ᠃ ᠵᠣᠯ ᠵᠢᠷᠭᠠᠯ ᠢᠶᠡᠨ ᠮᠡᠳᠡᠷᠡᠬᠦ ᠦᠭᠡᠢ ᠵᠣᠯ ᠵᠢᠷᠭᠠᠯ ᠢᠶᠡᠨ ᠡᠳ᠋ᠯᠡᠬᠦ ᠦᠭᠡᠢ ᠳᠤᠷ᠎ᠠ ᠪᠠᠷ ᠢᠶᠡᠨ ᠰᠥᠷᠭᠡᠦ ᠠᠭᠠᠰᠢᠯᠠᠨ ᠶᠠᠪᠤᠪᠠᠰᠤ  ᠪᠤᠶᠠᠨ ᠴᠢᠨᠢ ᠪᠠᠭᠤᠷᠠᠨ᠎ᠠ ᠰᠢᠦ ᠳ᠋ᠠ ᠃ ᠣᠳᠣᠬᠠᠨ ᠤ ᠨᠠᠮ ᠵᠠᠰᠠᠭ ᠡᠴᠠ ᠠᠷᠠᠳ ᠲᠦᠮᠡᠨ ᠳ᠋ᠦ ᠪᠤᠶᠠᠨ ᠤᠶᠢᠯᠡᠦᠨᠴᠦ ᠪᠦᠬᠦᠢ ᠠᠵᠠ ᠳᠣᠬᠢᠶᠠᠯ ᠢ ᠭᠦᠢᠴᠡᠳ ᠠᠰᠢᠬᠯᠠᠨ ᠰᠠᠶᠢᠳᠤᠷ ᠴᠢᠷᠮᠠᠶᠢᠵᠤ ᠶᠠᠪᠤᠵᠠᠭᠠᠶ᠎ᠠ ︕
      ᠵᠣᠯ ᠵᠢᠷᠭᠠᠯ ᠢ ᠵᠥᠪ ᠲᠠᠨᠢᠵᠤ ᠂ ᠪᠣᠯᠪᠠᠰᠤᠨ ᠰᠠᠶᠢᠬᠠᠨ ᠭᠡᠷ ᠪᠦᠯᠢ ᠶ᠋ᠢ ᠡᠭᠦᠳᠦᠨ ᠴᠣᠬᠴᠠᠯᠠᠶ᠎ᠠ ︕
                                                ᠯᠢ ᠪᠤᠶᠠᠨᠴᠤᠬᠯᠠ
ᠢᠷᠡᠯᠳᠡ᠄ ᠨᠠᠶᠢᠷᠠᠭᠤᠯᠤᠭᠴᠢ᠄ ᠳᠤᠯᠠᠭᠠᠨ

ᠬᠠᠮᠢᠶ᠎ᠡ ᠪᠦᠬᠦᠢ ᠰᠣᠨᠢᠨ