ᠡᠵᠢ ᠪᠠᠶᠢᠨᠠᠮ

ᠣᠩᠰᠢᠭᠰᠠᠨ ᠤᠳᠠᠭ᠎ᠠ ᠄ 6670     ᠨᠡᠶᠢᠳᠡᠯᠡᠭᠰᠡᠨ ᠴᠠᠭ ᠄ 2018/10/26 9:14:40

ᠡᠵᠢ ᠪᠠᠶᠢᠨᠠᠮ

      

        ᠯᠢ ᠪᠤᠶᠠᠨᠴᠤᠬᠯᠠ

ᠦᠭᠡᠰ ᠦᠨ ᠣᠬᠢ ᠰᠣᠳᠣᠨ
ᠦᠨᠡᠨ ᠦ ᠡᠬᠢ ᠰᠣᠷᠪᠤᠯᠵᠢ
    ᠡᠵᠢ ᠪᠠᠶᠢᠨᠠᠮ
ᠦᠷ᠎ᠡ ᠶ᠋ᠢᠨ ᠰᠢᠳᠦᠭᠡᠨ ᠪᠤᠷᠬᠠᠨ
ᠡᠷᠦᠬᠡ ᠶ᠋ᠢᠨᠲᠠᠩᠰᠤᠭ ᠳᠠᠷᠬᠠᠨ
    ᠡᠵᠢ ᠪᠠᠶᠢᠨᠠᠮ
ᠰᠠᠶᠢᠨ ᠰᠠᠶᠢᠬᠠᠨ ᠤ ᠰᠤᠷᠭᠠᠯ ᠨᠣᠮ
ᠰᠠᠮᠠᠭᠤᠨ ᠮᠠᠭᠤ ᠶ᠋ᠢᠨ ᠳᠠᠷᠤᠯᠭ᠎ᠠ ᠳᠣᠮ
    ᠡᠵᠢ ᠪᠠᠶᠢᠨᠠᠮ
ᠡᠨᠡᠷᠢᠯ ᠡᠯᠪᠡᠷᠢᠯ ᠦᠨ ᠬᠠᠭᠠᠨ ᠲᠡᠭᠷᠢ
ᠥᠷᠦᠰᠢᠶᠡᠯ ᠠᠭᠤᠴᠢᠯᠠᠯ ᠤᠨ ᠬᠠᠨ ᠳᠡᠯᠡᠬᠡᠢ
    ᠡᠵᠢ ᠪᠠᠶᠢᠨᠠᠮ
ᠲᠥᠷᠥ ᠭᠦᠷᠦᠨ ᠦ ᠬᠦᠨᠳᠦᠦᠨᠬᠡᠯ
ᠲᠦᠮᠡᠨ ᠣᠯᠠᠨ ᠤ ᠤᠷᠳᠣᠤᠨᠬᠠᠯ
    ᠡᠵᠢ ᠪᠠᠶᠢᠨᠠᠮ
ᠡᠯᠢᠭᠡ ᠶ᠋ᠢ ᠲᠠᠲᠠᠬᠤ ᠰᠢᠳᠤᠷᠭᠤ
ᠡᠪᠴᠢᠭᠦᠦ ᠶ᠋ᠢ ᠪᠠᠶᠠᠰᠬᠠᠬᠤ ᠠᠪᠤᠷᠭᠤ
    ᠡᠵᠢ ᠪᠠᠶᠢᠨᠠᠮ
ᠳᠠᠭᠤᠳᠠᠭᠠᠳ ᠮᠤᠬᠤᠰᠢ ᠦᠭᠡᠢ ᠳᠤᠯᠠᠭᠠᠨ ᠨᠡᠷ᠎ᠡ
ᠳᠠᠭᠤᠯᠠᠭᠠᠳ ᠬᠠᠨᠤᠰᠢ ᠦᠭᠡᠢ ᠳᠣᠯᠤᠭᠠᠨ ᠨᠣᠲ
    ᠡᠵᠢ ᠪᠠᠶᠢᠨᠠᠮ
ᠢᠷᠡᠯᠳᠡ᠄ ᠨᠠᠶᠢᠷᠠᠭᠤᠯᠤᠭᠴᠢ᠄ ᠳᠤᠯᠠᠭᠠᠨ