ᠡᠮᠡᠬᠡᠨ ᠳᠠᠯ᠎ᠠ

ᠣᠩᠰᠢᠭᠰᠠᠨ ᠤᠳᠠᠭ᠎ᠠ ᠄ 5973     ᠨᠡᠶᠢᠳᠡᠯᠡᠭᠰᠡᠨ ᠴᠠᠭ ᠄ 2018/10/26 8:53:30

      ᠣᠳᠤᠬᠠᠨ ᠳ᠋ᠥ ᠂ ᠮᠦᠩᠬᠡ ᠠᠶᠢᠯ ᠤᠨ ᠬᠠᠷᠢᠶ᠎ᠠ ᠬᠡᠪᠴᠢᠶᠡᠨ ᠳ᠋ᠥ ︿ ︿ ᠡᠮᠡᠭᠡᠨ ﹀ ﹀ ᠣᠷᠤᠬᠰᠠᠨ ᠭᠠᠵᠠᠷ ᠤᠨ ᠨᠡᠷ᠎ᠡ ᠭᠠᠬᠴᠠᠬᠦ ︿ ︿ ᠡᠮᠡᠭᠡᠨ  ᠲᠠᠯ᠎ᠠ ﹀ ﹀ ᠪᠤᠯᠤᠭᠠᠣᠨ ᠪᠠᠶᠢᠨ᠎ᠠ ᠃  ᠦᠩᠬᠡᠷᠡᠭᠰᠡᠨ ᠳ᠋ᠥ ᠡᠮᠡᠭᠡᠨ ᠲᠠᠯ᠎ᠠ ᠶ᠋ᠢᠨ ᠵᠡᠭᠦᠨ ᠬᠦᠪᠡᠭᠡ ᠳᠠᠭᠠᠤ ᠬᠤᠶᠢᠰᠢ ᠡᠮᠦᠨᠡᠰᠢ ᠬᠦᠨᠳᠡᠯᠢᠰᠦᠭᠰᠡᠨ ᠭᠦᠳᠦᠬᠦᠷ ᠶᠡᠬᠡ ᠴᠠᠭᠠᠨ ᠮᠠᠩᠬ᠎ᠠ ᠶ᠋ᠢ ︿ ︿ ᠡᠮᠡᠭᠡᠨ ᠴᠠᠭᠠᠨ ﹀ ﹀ ᠭᠡᠳᠡᠭ ᠃ ᠱᠤᠸᠠᠩᠰᠢ ᠨᠤᠳᠤᠭ ‍ᠢ ᠪᠠᠷᠠᠭᠤᠨ ᠡᠮᠡᠭᠡᠨ ᠂ ᠣᠳᠤᠬᠢ ᠰᠠᠭᠤᠭ᠎ᠠ ᠮᠦᠩᠬᠡ ᠠᠶᠢᠯ ᠤᠨ ᠰᠠᠭᠤᠭ᠎ᠠ ᠭᠠᠵᠠᠷ ‍ᠢ ᠵᠡᠬᠦᠨ ᠡᠮᠡᠭᠡᠨ ᠭᠡᠳᠡᠭ ᠃  ᠣᠳᠤᠬᠠᠨ ᠳ᠋ᠥ ᠡᠳᠡᠭᠡᠷ ᠨᠡᠷᠡᠰ ᠴᠦᠮ ᠳᠤᠷᠠᠬᠳᠤᠬᠳᠠᠬᠤ ᠪᠠᠨ ᠪᠤᠯᠢᠪᠠ ᠃
       ᠡᠮᠡᠭᠡᠨ ᠲᠠᠯ᠎ᠠ ᠪᠣᠯ ᠮᠦᠩᠬᠡ ᠠᠶᠢᠯ ᠤᠨ ᠬᠠᠮᠤᠭ ᠶᠡᠬᠡ ᠲᠠᠯ᠎ᠠ ᠭᠠᠵᠠᠷ ᠪᠤᠯᠬᠤ ᠮᠦᠷᠳᠡᠭᠡᠨ ᠴᠤᠷ ᠤᠨ ᠭᠠᠬᠴᠠ ︿ ︿ ᠲᠠᠯ᠎ᠠ ﹀ ﹀ ᠣᠷᠤᠬᠰᠠᠨ ᠨᠡᠷᠡᠶᠢᠳᠦᠯ ᠲᠠᠢ ᠭᠠᠵᠠᠷ ᠪᠤᠯᠤᠨ᠎ᠠ ᠃
       ︿ ︿ ᠡᠮᠡᠭᠡᠨ ᠲᠠᠯ᠎ᠠ ﹀ ﹀ ᠭᠡᠰᠡᠨ ᠨᠡᠷᠡᠶᠢᠳᠦᠯ ᠮᠦᠩᠬᠡ ᠠᠶᠢᠯ ᠤᠨ ᠡᠮᠦᠨᠡᠬᠢ ᠨᠡᠷᠡᠶᠢᠳᠦᠯ ᠪᠤᠯᠬᠤ ︿ ︿ ᠡᠮᠡᠭᠡᠨ ᠠᠶᠢᠯ ﹀ ﹀ ᠭᠡᠰᠡᠨ ᠡᠴᠡ ᠡᠮᠦᠨ᠎ᠡ ᠪᠤᠢ ᠪᠤᠯᠤᠬᠰᠠᠨ ᠰᠢᠨᠵᠢ ᠳᠦᠯᠦᠪ  ᠲᠠᠢ᠃ ᠬᠦᠮᠦᠰ ᠡᠮᠡᠭᠡᠨ ᠠᠶᠢᠯ ᠤᠨ ᠨᠡᠷ᠎ᠡ ᠶ᠋ᠢᠨ ᠢᠷᠡᠯᠳᠡ ᠶ᠋ᠢᠨ ᠳᠤᠬᠠᠢ ᠶᠠᠷᠢᠬᠤ ᠳ᠋ᠠᠭᠠᠨ ᠴᠦᠮ ︿ ︿ ᠡᠮᠡᠭᠡᠨ ᠳᠠᠯ᠎ᠠ ﹀ ﹀ ᠲᠠᠢ ᠬᠤᠯᠪᠤᠬᠳᠠᠭᠤᠯᠵᠦ ᠂ ᠡᠮᠡᠭᠡᠨ ᠲᠠᠯ᠎ᠠ ᠪᠠᠷ ᠳᠦᠪ ᠪᠤᠯᠭᠠᠨ ᠶᠠᠷᠢᠳᠠᠭ ᠃ ᠡᠶᠢᠨᠬᠦ  ︿ ︿ ᠡᠮᠡᠭᠡᠨ ᠠᠶᠢᠯ ﹀ ﹀ ᠭᠡᠰᠡᠨ ᠨᠡᠷᠡᠶᠢᠳᠦᠯ ᠨᠢ ︿ ︿ ᠡᠮᠡᠭᠡᠨ ᠳᠠᠯ᠎ᠠ  ﹀ ﹀  ᠲᠤ ᠰᠢᠭᠤᠣᠨ ᠮᠦᠷᠳᠡᠭᠡᠨ ᠨᠢᠬᠳᠠ ᠬᠤᠯᠪᠤᠭ᠎ᠠ ᠲᠠᠢ ᠪᠠᠶᠢᠬ᠎ᠠ ᠃ ᠭᠡᠬᠦ ᠳ᠋ᠥ ︿ ︿ ᠡᠮᠡᠭᠡᠨ ᠳᠠᠯ᠎ᠠ ﹀ ﹀ ᠶ᠋ᠢᠨ ︿ ︿ ᠡᠮᠡᠭᠡᠨ ﹀ ﹀ ᠨᠢ ᠴᠤᠬᠤᠮ ᠶᠠᠮᠠᠷ ᠢᠷᠡᠯᠳᠡ  ᠲᠠᠢ ᠪᠤᠢ ︖ ᠭᠡᠰᠡᠨ ‍ᠢ ᠬᠦᠮᠦᠰ ᠰᠡᠣᠨᠬᠢᠬᠦᠰᠢᠲᠡᠢ ᠪᠤᠯᠪᠠᠴᠦ ᠬᠠᠷᠢᠨ ᠪᠤᠳᠠᠳᠠᠢ ᠳᠤᠳᠤᠯᠠᠬᠤᠶ᠎ᠠ ᠪᠡᠷᠬᠡ ᠃
      ᠴᠢᠯᠦᠭᠡᠯᠡᠭᠳᠡᠬᠦ ᠡᠴᠡ ᠡᠮᠦᠨ᠎ᠡ ᠂ ᠡᠮᠡᠭᠡᠨ ᠳᠠᠯ᠎ᠠ ᠶ᠋ᠢᠨ ᠪᠠᠷᠠᠭᠤᠨ ᠬᠦᠪᠡᠬᠡ  ᠳᠠᠭᠠᠤ ᠨᠡᠯᠢᠶᠡᠣᠨ ᠬᠡᠳᠦᠨ ᠡᠷᠦᠬᠡ ᠣᠷᠤᠰᠢᠨ ᠰᠠᠭᠤᠵᠦ ᠪᠠᠶᠢᠬᠰᠠᠨ ᠃ ᠳᠠᠯ᠎ᠠ ᠶ᠋ᠢᠨ ᠳᠤᠮᠳᠠ ᠬᠠᠷ᠎ᠠ ᠨᠠᠭᠤᠷ ᠮᠡᠳᠦ ᠶ᠋ᠢᠨ ᠨᠡᠷᠡᠶᠢᠳᠦᠯ ᠪᠦᠬᠦᠢ ᠬᠤᠶᠠᠷ ᠭᠤᠷᠪᠠᠨ ᠨᠠᠭᠤᠷ ᠪᠠᠶᠢᠵᠦ ᠂ ᠳᠠᠯ᠎ᠠ ᠶ᠋ᠢ ᠪᠦᠷᠬᠦᠭᠰᠡᠨ ᠬᠤᠯᠤᠰᠤ ᠵᠡᠭᠡᠰᠤ ᠬᠦᠮᠦᠨ ᠡᠴᠡ ᠦᠨᠳᠦᠷ ᠪᠢᠳᠡᠬᠦᠤ ᠬᠠᠷ᠎ᠠ ᠤᠷᠭᠤᠵᠤ ᠪᠠᠶᠢᠪᠠ ᠃  ᠳᠤᠮᠳᠠᠭᠤᠷ ᠨᠢ ᠵᠡᠭᠦᠨᠰᠢ ᠪᠠᠷᠠᠭᠤᠨᠰᠢ ᠴᠤᠪᠤᠵᠦ ᠶᠠᠪᠤᠬᠤ ᠴᠤᠷ ᠤᠨ ᠭᠠᠬᠴᠠ ᠵᠦᠷᠢᠭ ᠵᠠᠮ ᠪᠠᠶᠢᠵᠦ ᠂ ᠴᠢᠯᠦᠭᠡᠯᠡᠭᠳᠡᠭᠰᠡᠨ ᠤ ᠰᠡᠭᠦᠯᠡᠷ ᠂  ᠵᠤᠷᠢᠭᠤᠳᠠ ᠭᠠᠯ ᠳᠠᠯᠪᠢᠨ ᠡᠪᠡᠰᠦ ᠬᠤᠯᠤᠰᠤ ᠶ᠋ᠢ ᠨᠢ ᠦᠨᠡᠰᠦ ᠪᠤᠯᠳᠠᠯ᠎ᠠ ᠰᠢᠳᠠᠭᠠᠵᠤ ᠣᠷᠬᠢᠬᠰᠠᠨ ᠪᠠᠶᠢᠨ᠎ᠠ ︔
      ᠶᠡᠬᠡ ᠬᠠᠮᠳᠦ ᠶ᠋ᠢᠨ ᠦᠶ᠎ᠡ ᠳ᠋ᠥ ᠂ ᠬᠡᠰᠡᠭ ᠪᠤᠰᠠᠭ ᠬᠠᠭᠠᠯᠪᠤᠷᠢᠯᠠᠨ ᠳᠠᠷᠢᠶᠠᠨ ᠭᠠᠵᠠᠷ ᠭᠠᠷᠭᠠᠨ ᠳᠠᠷᠢᠵᠦ ᠂ ᠰᠡᠬᠦᠯᠡᠷ ᠨᠢ  ᠳᠤᠣᠷ ᠬᠦᠷᠢᠶ᠎ᠡ ᠳᠠᠳᠠᠵᠦ  ᠂ 1800 ᠮᠤ᠋ ᠭᠡᠵᠦ ᠨᠡᠶᠢᠳᠡ ᠶ᠋ᠢᠨ ᠳᠠᠩᠰᠠᠨ ᠳ᠋ᠥ ᠳᠡᠮᠳᠡᠭᠯᠡᠵᠦ ᠪᠠᠶᠢᠪᠠ ᠃ ᠡᠮᠡᠭᠡᠨ ᠳᠠᠯ᠎ᠠ ᠳ᠋ᠥ ᠣᠳᠠᠭᠠᠨ ᠣᠨ ᠤ ᠤᠳᠠ ᠮᠤᠳᠤ ᠴᠦ ᠨᠡᠯᠢᠶᠡᠣᠨ ᠠᠷᠪᠢᠨ ᠤᠷᠭᠤᠵᠦ  ᠪᠠᠶᠢᠬᠰᠠᠨ ᠃ ᠰᠢᠨ᠎ᠡ ᠪᠠᠷ ᠰᠠᠭᠤᠯᠭᠠᠬᠰᠠᠨ ᠤᠯᠢᠶᠠᠰᠤ ᠮᠤᠳᠤ ᠴᠦ ᠤᠢ ᠬᠡᠮᠡᠷᠬᠡᠨ ᠪᠠᠷᠠᠭᠤᠨ ᠬᠦᠪᠡᠭᠡ ᠳᠠᠭᠠᠤ ᠰᠠᠬᠤᠯᠢᠭ ᠬᠠᠷᠠᠬᠳᠠᠵᠦ ᠪᠠᠬᠰᠠᠨ ᠃ ᠬᠠᠶᠠ  ᠬᠠᠪᠢ ᠵᠠᠬ᠎ᠠ ᠪᠠᠷ ᠨᠢ ᠬᠠᠶᠢᠯᠠᠰᠤᠨ ᠮᠤᠳᠤ ᠴᠦ ᠬᠠᠨᠢ ᠪᠤᠯᠵᠦ ᠠᠮᠢᠯᠠᠵᠦ ᠪᠠᠶᠢᠭ᠎ᠠ ᠃
      ᠣᠯᠠᠨ ᠵᠢᠯ ᠤᠨ ᠳᠤᠷᠰᠢ ᠂ ᠡᠨᠡᠬᠦ ᠬᠡᠰᠡᠭ ᠳᠠᠯ᠎ᠠ ᠭᠠᠵᠠᠷ ‍ᠢ ᠳᠤᠰᠬᠠᠶᠢᠯᠠᠨ ᠨᠡᠶᠢᠳᠡ ᠶ᠋ᠢᠨ ᠦᠮᠴᠢᠯᠡᠯ ᠪᠤᠯᠭᠠᠨ ᠬᠠᠮᠳᠤ ᠪᠠᠷ ᠡᠵᠡᠩᠨᠡᠨ ᠠᠰᠢᠬᠯᠠᠵᠦ ᠪᠠᠶᠢᠬᠰᠠᠨ ᠢᠶᠡᠨ 2014 ᠣᠨ ᠳ᠋ᠥ ᠠᠶᠢᠯ ᠡᠴᠡ ᠳᠠᠯ᠎ᠠ ᠤᠷᠤᠭᠤ ᠤᠷᠤᠬᠤ ᠬᠠᠶᠢᠷ ᠴᠢᠯᠠᠭᠤᠨ ᠵᠠᠮ ᠵᠠᠰᠠᠵᠦ ᠂ ᠦᠨᠳᠦᠷ ᠬᠦᠴᠦᠳᠡᠯᠳᠦ ᠴᠠᠬᠢᠯᠭᠠᠨ ᠨᠡᠪᠳᠡᠷᠡᠬᠦᠯᠦᠨ 17 ᠰᠠᠭᠤᠷᠢ ᠬᠦᠨ ᠬᠤᠣᠨᠳᠤᠭ ᠮᠠᠯᠳᠠᠨ ᠂ ᠳᠠᠯ᠎ᠠ ᠶ᠋ᠢᠨ ᠭᠠᠵᠠᠷ ‍ᠢ ᠳᠡᠰ ᠬᠤᠪᠢᠶᠠᠨ ᠬᠦᠮᠦᠨ ᠠᠮᠠ ᠶ᠋ᠢᠨ ᠪᠤᠳᠠᠳᠤ ᠳᠤᠭ᠎ᠠ ᠪᠠᠷ ᠡᠷᠦᠬᠡ ᠳ᠋ᠥ ᠬᠤᠪᠢᠶᠠᠨ ᠳᠠᠭᠠᠭᠠᠴᠢᠯᠠᠭᠤᠯᠵᠤ ᠡᠷᠳᠡᠨᠢ ᠰᠢᠰᠢ ᠳᠠᠷᠢᠬᠤ ᠳᠡᠵᠢᠬᠡᠯ ᠪᠤᠷᠳᠤᠭ᠎ᠠ ᠳᠠᠷᠢᠬᠤ ᠭᠤᠣᠯ ᠰᠠᠭᠤᠷᠢᠨ ᠭᠠᠵᠠᠷ ᠪᠤᠯᠭᠠᠵᠠᠢ ᠃
      ᠡᠮᠡᠭᠡᠨ ᠳᠠᠯ᠎ᠠ ᠨᠢ ᠮᠦᠩᠬᠡ ᠠᠶᠢᠯ ᠤᠨ ᠳᠠᠷᠢᠶᠠᠯᠠᠩ ᠮᠠᠯ ᠠᠵᠦ ᠠᠬᠤᠢ ᠶ᠋ᠢᠨ ᠬᠦᠭᠵᠢᠯᠳᠠ ᠳ᠋ᠥ ᠯᠤᠳᠤ ᠶᠡᠬᠡ ᠪᠤᠳᠠᠳᠤ ᠤᠶᠢᠯᠡᠳᠦᠯ ᠦᠵᠡᠬᠦᠯᠵᠦ ᠂ ᠮᠦᠩᠬᠡ ᠬᠦᠮᠦᠰ ᠤᠨ ᠠᠳᠠᠯ ᠠᠮᠢᠳᠤᠷᠠᠯ ᠳ᠋ᠥ ᠦᠨᠡᠨᠬᠦ ᠠᠰᠢᠭ ᠬᠦᠷᠳᠡᠬᠡᠵᠦ ᠪᠠᠶᠢᠭ᠎ᠠ ᠴᠢᠬᠤᠯᠠ ᠭᠠᠵᠠᠷ ᠪᠤᠯᠬᠤ ᠶᠤᠮ ᠃
                                                 ᠯᠢ ᠪᠤᠶᠠᠨᠴᠤᠬᠯᠠ
ᠢᠷᠡᠯᠳᠡ᠄ ᠨᠠᠶᠢᠷᠠᠭᠤᠯᠤᠭᠴᠢ᠄ ᠳᠤᠯᠠᠭᠠᠨ