︿ ︿ ᠲᠠᠤᠯᠠᠢ ᠵᠢᠯ ᠤᠨ ᠣᠷᠪᠠᠯᠭᠠᠨ ﹀ ﹀ ᠳ᠋ᠥ ᠸᠠᠩ ᠣᠪᠤᠬᠲᠠᠨ ᠤ ᠶᠡᠬᠡ ᠬᠦᠷᠢᠶ᠎ᠡ ᠭᠠᠯᠳᠠᠬᠳᠠᠬᠰᠠᠨ ᠨᠢ

ᠣᠩᠰᠢᠭᠰᠠᠨ ᠤᠳᠠᠭ᠎ᠠ ᠄ 6571     ᠨᠡᠶᠢᠳᠡᠯᠡᠭᠰᠡᠨ ᠴᠠᠭ ᠄ 2018/10/26 8:49:38

      ︿ ︿ ᠲᠠᠤᠯᠠᠢ ᠵᠢᠯ ᠤᠨ ᠣᠷᠪᠠᠯᠭᠠᠨ ﹀ ﹀ ᠨᠢ ᠠᠤᠬᠠᠨ ᠬᠤᠰᠢᠭᠤᠨ ᠤ ᠶᠠᠩ ᠵᠢᠶᠠ ᠸᠠᠨᠽᠢ ᠭᠡᠰᠡᠨ ᠭᠠᠵᠠᠷ ᠡᠴᠡ ᠡᠭᠦᠰᠴᠦ ᠂ ᠵᠢᠨ ᠳ᠋ᠠᠨ ᠪᠤᠮᠪᠣᠲᠠᠨ ᠤ ᠤᠶᠢᠯᠡᠳᠦᠭᠰᠡᠨ ᠬᠡᠷᠡᠭ ᠭᠡᠲᠡᠭ ᠃ ᠳᠡᠷᠡ ᠦᠶᠡᠰ  ᠲᠤ
ᠪᠠᠳᠠᠷᠠᠭᠤᠯᠲᠤ ᠳᠦᠷᠦ ᠶ᠋ᠢᠨ ᠴᠢᠩ ᠭᠦᠷᠦᠨ ᠲᠤᠷᠤᠶᠢᠲᠠᠨ ᠢᠯᠵᠠᠷᠠᠵᠤ ᠂ ᠭᠠᠳᠠᠭᠠᠳᠤ ᠶ᠋ᠢᠨ ᠳᠦᠷᠢᠮᠡᠬᠡᠶᠢᠯᠡᠯ  ᠬᠡᠴᠡᠭᠦᠳᠡᠵᠤ ᠳᠤᠳᠤᠭᠠᠳᠤ ᠳ᠋ᠥ ᠰᠠᠮᠠᠭᠤᠷᠠᠯ ᠲᠡᠭᠳᠡᠨ ᠳᠦᠷᠦ ᠤᠯᠤᠰ ᠳᠦᠮᠡᠨ ᠠᠷᠠᠣᠨ ᠳᠤᠶᠢᠯ ᠤᠨ
ᠶᠡᠬᠡ ᠳᠦᠪᠰᠢᠨ ᠦᠭᠡᠢ ᠪᠠᠶᠢᠯ᠎ᠠ ᠃ ᠳᠤᠬᠠᠢ ᠶ᠋ᠢᠨ ᠦᠶ᠎ᠡ ᠳ᠋ᠥ᠂ ᠱᠠᠰᠢᠨ ᠤ ᠪᠤᠮᠪᠤᠲᠠᠨ ᠵᠢᠨ ᠳ᠋ᠠᠨ ᠬᠡᠮᠡᠭᠴᠢ ᠳᠤᠬᠢᠶᠠᠯ ‍ᠢ ᠵᠠᠪᠰᠢᠨ ᠨᠡᠶᠢᠭᠡᠮ ᠲᠡᠭᠡᠷᠡᠬᠢ ᠯᠤᠶᠢᠪᠠᠷᠴᠢᠨ ᠲᠡᠭᠡᠷᠡᠮᠴᠢᠣᠨ ‍ᠢ ᠡᠯᠰᠡᠨ ᠴᠤᠬᠯᠠᠭᠤᠯᠵᠦ
2000 ᠭᠠᠷᠤᠢ ᠬᠦᠮᠦᠨ ᠢᠶᠠᠷ ᠪᠦᠷᠢᠯᠳᠦᠭᠰᠡᠨ ᠳᠡᠷᠰᠯᠡᠭᠦᠤ ᠡᠩᠨᠡᠭᠡ ᠶ᠋ᠢ ᠵᠤᠬᠢᠶᠠᠨ ᠪᠠᠶᠢᠭᠤᠯᠤᠨ ᠣᠯᠠᠭᠠᠨ ᠳᠤᠷᠳᠠᠩ ᠮᠠᠯᠠᠭᠠᠢ ᠡᠮᠦᠰᠭᠡᠨ ᠂ ᠡᠳ᠋ ᠡᠷᠳᠡᠨᠢᠰ ᠳᠡᠭᠡᠷᠡᠮᠳᠡᠨ ᠠᠮᠤ ᠪᠤᠳᠠᠭ᠎ᠠ ᠴᠦᠯᠪᠡᠵᠦ ᠠᠳᠤᠭᠤ
ᠮᠠᠯ ᠪᠤᠯᠢᠶᠠᠨ ᠬᠦᠮᠦᠨ ᠠᠯᠠᠵᠤ ᠭᠠᠯ ᠲᠠᠯᠪᠢᠨ ᠂ ᠠᠤᠬᠠᠨ ᠨᠠᠶᠢᠮᠠᠨ ᠤ ᠬᠠᠷᠢᠶᠠᠨ ᠳ᠋ᠥ ᠠᠯᠢ ᠤᠯᠠᠨ ᠶᠡᠬᠡ ᠳᠠᠯᠬᠢᠬᠳᠠᠯ ‍ᠢ ᠡᠭᠦᠰᠭᠡᠨ ᠠᠷᠠᠣᠨ ᠣᠯᠠᠨ ᠳ᠋ᠥ ᠬᠤᠣᠷ ᠬᠦᠨᠦᠭᠡᠯ ᠤᠴᠠᠷᠠᠭᠤᠯᠤᠬᠰᠠᠨ ᠪᠠᠶᠢᠪᠠ ᠃  ᠡᠨᠡ
ᠨᠢ ᠴᠢᠪ ᠬᠡᠮᠡᠨ 1891 ᠣᠨ ᠤ ᠲᠠᠤᠯᠠᠢ ᠵᠢᠯ ᠪᠤᠯᠬᠤᠷ ᠲᠡᠤᠬᠡᠨ ᠳ᠋ᠥ ︿ ︿ ᠲᠠᠤᠯᠠᠢ ᠵᠢᠯ ᠤᠨ ᠣᠷᠪᠠᠯᠭᠠᠨ ﹀ ﹀ ᠭᠡᠳᠡᠭ ᠪᠠᠶᠢᠵᠠᠢ ︔
      ︿ ︿ ᠲᠠᠤᠯᠠᠢ ᠵᠢᠯ ᠤᠨ ᠤᠷᠪᠠᠯᠭᠠᠨ ﹀ ﹀ ᠳ᠋ᠥ ᠨᠠᠶᠢᠮᠠᠨ ᠬᠤᠰᠢᠭᠤᠨ ᠤ ᠬᠠᠷᠢᠶᠠᠨ ᠳ᠋ᠥ ᠬᠠᠮᠤᠭ ᠤᠷᠢᠳᠠᠪᠡᠷ ᠳᠠᠭᠠᠷᠢᠬᠳᠠᠬᠰᠠᠨ ᠨᠢ ᠰᠢᠷᠠᠬᠤᠭᠤᠯᠠᠢ ᠶ᠋ᠢᠨ ᠡᠯᠡᠰᠦᠳᠦᠷᠦᠭᠦᠤ ᠠᠶᠢᠯ ᠤᠨ ᠸᠠᠩᠨᠤᠣᠨ ᠣᠪᠤᠬᠳᠠᠨ ᠤ
ᠵᠡᠭᠦᠨ ᠪᠠᠷᠠᠭᠤᠨ ᠬᠤᠶᠠᠷ ᠶᠡᠬᠡ ᠬᠦᠷᠢᠶ᠎ᠡ ᠪᠤᠯᠤᠨ᠎ᠠ ᠃ ᠲᠤᠬᠠᠢ ᠶ᠋ᠢᠨ ᠦᠶ᠎ᠡ ᠳ᠋ᠥ ᠂ ᠸᠠᠩ ᠪᠤᠯᠤᠴᠢᠯᠠᠭᠤ ᠶ᠋ᠢᠨ ᠬᠤᠯᠤᠨᠴᠠ ᠡᠪᠦᠬᠡ ᠠᠪᠤᠷᠠᠯ ᠬᠡᠮᠡᠭᠴᠢ ᠴᠠᠭᠠᠨᠲᠠᠯ᠎ᠠ ᠭᠡᠰᠡᠨ ᠭᠠᠵᠠᠷ ᠡᠴᠡ ᠵᠤᠯ ᠢᠶᠠᠷ ᠲᠤᠲᠠᠭᠠᠨ ᠭᠠᠷᠴᠤ
ᠨᠠᠶᠢᠮᠠᠨ ᠬᠤᠰᠢᠭᠤᠨ ᠤ ᠡᠯᠡᠰᠦᠳᠦᠷᠦᠭᠦᠤ ᠳ᠋ᠥ ᠬᠦᠯ ᠨᠢᠴᠦᠭᠦᠨ ᠢᠶᠠᠷ ᠭᠦᠶᠦᠨ ᠢᠷᠡᠵᠦ ᠠᠵᠠ ᠪᠤᠰᠤ ᠬᠡᠷᠡᠭ ᠤᠨ ᠤᠶᠢᠷᠠᠳᠤᠨ ᠢᠷᠡᠭᠦ ᠶ᠋ᠢ ᠵᠠᠪᠳᠤᠨ ᠮᠡᠳᠡᠭᠦᠯᠵᠦ ᠂ ᠡᠨᠳᠡᠬᠢ ᠬᠦᠮᠦᠨ ᠬᠠᠷ᠎ᠠ ᠮᠠᠯ ᠤᠨᠤᠭ᠎ᠠ ᠶ᠋ᠢ ᠨᠢ
ᠰᠢᠯᠵᠢᠬᠦᠯᠦᠨ ᠳᠤᠳᠠᠭᠠᠯᠭᠠᠵᠤ  ᠂ ᠤᠯᠠᠨ ᠬᠦᠮᠦᠨ ᠤ ᠠᠮᠢ ᠨᠠᠰᠤ ᠶ᠋ᠢ ᠠᠪᠤᠷᠠᠬᠰᠠᠨ ᠪᠠᠶᠢᠵᠠᠢ ᠃ ᠬᠠᠷᠠᠰᠠᠯᠳᠤ ᠬᠡᠷᠡᠭ ᠤᠨ ᠦᠣᠨᠳᠦᠷ ᠲᠦᠷᠭᠡᠨ ᠬᠦᠷᠴᠦ ᠢᠷᠡᠬᠦ ᠶ᠋ᠢ ᠤᠷᠢᠣᠨᠴᠢᠯᠠᠨ ᠤᠯᠵᠤ ᠮᠡᠳᠡᠭᠰᠡᠨ ᠤ ᠳᠠᠷᠠᠭ᠎ᠠ
ᠡᠯᠡᠰᠦᠳᠦᠷᠦᠭᠦᠤ ᠶ᠋ᠢᠨ ᠵᠡᠭᠦᠨ ᠪᠠᠷᠠᠭᠤᠨ ᠸᠠᠩ ᠤᠪᠤᠬᠳᠠᠨ ᠤ ᠬᠤᠶᠠᠷ ᠬᠤᠷᠤᠭ᠎ᠠ ᠶ᠋ᠢᠨ 70 ᠭᠠᠷᠤᠢ ᠬᠦᠮᠦᠨ ᠪᠠᠷᠢᠵᠦ ᠲᠠᠯᠪᠢᠬᠰᠠᠨ ᠢᠶᠡᠨ ᠠᠯᠳᠠᠨ ᠰᠠᠮᠭᠠᠷᠳᠠᠵᠤ ᠡᠮᠢᠶᠡᠨ ᠰᠠᠨᠳᠤᠷᠴᠤ ᠠᠮᠢ ᠪᠡᠶ᠎ᠡ ᠪᠠᠨ ᠬᠠᠮᠠᠭᠠᠯᠠᠨ
ᠠᠮᠢᠳᠤ ᠰᠡᠷᠡᠭᠦᠨ ᠭᠠᠷᠬᠤ ᠶ᠋ᠢ ᠡᠷᠬᠢᠮ ᠡᠴᠡ ᠡᠷᠬᠢᠮ ᠳ᠋ᠥ ᠦᠵᠡᠵᠦ ᠂ ᠠᠷᠤ ᠬᠣᠷᠴᠢᠨ ᠤ ᠠᠷᠤ ᠳ᠋ᠠᠬᠢ ᠦᠷᠭᠡᠨ ᠠᠭᠤᠳᠠᠮ ᠦᠵᠦᠮᠦᠴᠢᠨ ᠤ ᠲᠠᠯ᠎ᠠ ᠨᠤᠳᠤᠭ  ᠲᠤ ᠣᠷᠤᠰᠢᠨ ᠠᠮᠢᠳᠤᠷᠠᠬᠤ ᠪᠡᠷ ᠲᠡᠷᠭᠡ ᠤᠨᠤᠭ᠎ᠠ
 ᠪᠠᠨ ᠲᠡᠷᠡ ᠪᠦᠬᠦᠨ ‍ᠢ ᠬᠦᠳᠡᠯᠭᠡᠨ ᠬᠦᠷᠢᠶ᠎ᠡ ᠳᠦᠭᠦᠷᠠᠩ ᠪᠤᠵᠢᠬᠢᠨᠠᠯᠳᠤᠪᠠ ᠃ ᠡᠳ᠋ ᠪᠠᠷᠠᠭ᠎ᠠ ᠂ ᠠᠮᠤ ᠪᠤᠳᠠᠭ᠎ᠠ ᠂ ᠡᠮᠡᠰ ᠬᠡᠤᠬᠡᠣᠨ ᠢᠶᠡᠨ ᠡᠮᠬᠢ ᠵᠠᠮᠪᠠᠷᠠᠭ᠎ᠠ ᠦᠭᠡᠢ ᠲᠡᠭᠡᠭᠡᠵᠦ ᠂  ᠬᠦᠴᠦᠨ ᠤ ᠬᠦᠮᠦᠰ ᠨᠢ ᠬᠤᠨᠢ
ᠮᠠᠯ ᠢᠶᠡᠨ ᠲᠠᠭᠤᠵᠦ ᠬᠤᠶᠢᠳᠤ ᠵᠦᠭ ‍ᠢ ᠴᠢᠭᠯᠡᠨ ᠬᠠᠷᠠᠩᠭᠤᠢ ᠰᠦᠨᠢ ᠪᠠᠷ ᠮᠤᠷᠳᠠᠵᠤ ᠠᠶᠤᠯ ᠡᠴᠡ ᠵᠠᠶᠢᠯᠠᠨ ᠠᠮᠢ ᠵᠢᠭᠤᠳᠠᠨ ᠳᠤᠲᠠᠭᠠᠬᠤᠶ᠎ᠠ ᠂ ᠲᠡᠲᠡᠨᠦᠰ ᠤᠨ ᠦᠷᠦᠴᠡ ᠵᠢᠷᠦᠬᠡ ᠳᠦᠮᠡᠨ ᠵᠡᠪᠡ ᠳ᠋ᠥ ᠤᠨᠤᠬᠳᠠᠬᠰᠠᠨ
ᠮᠡᠳᠦ ᠡᠮᠵᠡᠭᠯᠡᠵᠦ ᠂  ᠭᠤᠨᠢᠬᠯᠠᠨ ᠵᠤᠪᠠᠨᠢᠵᠤ ᠂ ᠦᠳᠡᠭᠦᠰ ᠵᠠᠯᠠᠭᠤᠰ ᠪᠦᠬᠦᠨ ᠡᠪᠬᠡᠷᠤᠨ ᠤᠬᠢᠯᠠᠯᠳᠤᠨ ᠬᠠᠶᠢᠯᠠᠵᠦ ᠪᠦᠬᠦᠢ ᠶ᠋ᠢ ᠶᠠᠭᠤᠨ ᠦᠬᠦᠯᠡᠬᠦ ᠠᠵᠢ ᠃ ᠰᠠᠯᠬᠢ ᠰᠦᠷᠦᠨ ᠣᠮᠠᠷᠠᠰᠢ ᠮᠤᠷᠳᠠᠬᠤᠶ᠎ᠠ ᠴᠢᠰᠦ ᠴᠠᠷᠴᠢᠮ᠎ᠠ
ᠬᠠᠬᠢᠷ ᠡᠪᠦᠯ ᠤᠨ ᠵᠢᠬᠡᠭᠦᠨ ᠰᠠᠯᠬᠢ ᠬᠠᠶᠢᠷ᠎ᠠ ᠨᠠᠶᠢᠷ ᠦᠭᠡᠢ ᠬᠠᠴᠠᠷ ᠨᠢᠭᠤᠷ ‍ᠢ ᠭᠤᠶᠠᠳᠠᠵᠤ ᠨᠢᠳᠦ ᠨᠡᠭᠡᠭᠡᠯᠭᠡᠬᠦ ᠦᠭᠡᠢ ᠪᠠᠶᠢᠬᠤ ᠳ᠋ᠥ ᠬᠡᠭᠡᠷ᠎ᠡ ᠬᠤᠨᠤᠵᠦ ᠬᠡᠳᠡ ᠳᠡᠷᠡᠯᠡᠵᠦ ᠶᠠᠪᠤᠬᠰᠠᠨ ᠭᠤᠨᠢᠭ ᠵᠤᠪᠠᠯᠠᠩᠳᠤ ᠠᠶᠠᠯᠠᠯ
ᠦᠨ ᠤᠶᠢᠯᠡ ᠶ᠋ᠢ ᠦᠭᠡ ᠪᠠᠷ ᠢᠯᠡᠣᠩᠡᠬᠦᠶ᠎ᠡ ᠨᠡᠬᠡᠷᠡᠨ ᠪᠡᠷᠬᠡ ᠪᠢᠯᠡ ᠃ ᠳᠡᠷᠡᠴᠢᠯᠡᠨ ᠬᠠᠷᠠᠩᠭᠤᠢ ᠬᠦᠶᠢᠳᠡᠨ ᠰᠦᠨᠢ ᠬᠡᠭᠡᠷ᠎ᠡ ᠭᠠᠳᠠᠨ᠎ᠠ ᠬᠤᠨᠤᠭ ᠪᠤᠯᠬᠤ ᠳ᠋ᠥ ᠭᠠᠯ ᠳᠦᠯᠡᠬᠦ ᠡᠴᠡ ᠬᠢᠴᠢᠶᠡᠵᠦ ᠂ ᠭᠠᠯ ᠤᠨ ᠳᠦᠯᠦ
 ᠶ᠋ᠢᠨ ᠣᠴᠢᠯᠠᠬᠰᠠᠨ ᠭᠡᠷᠡᠯ ᠢᠶᠠᠷ ᠳᠡᠭᠡᠷᠡᠮ ᠳᠤᠨᠤᠭ᠎ᠠ ᠨᠡᠬᠡᠮᠵᠢᠯᠡᠨ ᠢᠷᠡᠵᠦ ᠭᠡᠨᠡᠳᠡᠭᠦᠯᠦᠨ ᠳᠠᠭᠠᠷᠢᠬᠤ ᠡᠴᠡ ᠠᠶᠤᠵᠦ ᠪᠠᠶᠢᠯ᠎ᠠ ᠭᠡᠳᠡᠭ ᠃  ᠪᠠᠭ᠎ᠠ ᠪᠡᠷᠬᠡ ᠶ᠋ᠢᠨ ᠠᠷᠤ ᠳ᠋ᠠᠬᠢ ︿ ︿ ᠭᠤᠷᠪᠠᠨ ᠰᠠᠶᠢᠬᠠᠨ ﹀ ﹀ ᠤ ᠪᠠᠷᠰ
ᠴᠢᠨ᠋ᠸ᠎ᠠ ᠡᠭᠦᠷᠯᠡᠭᠰᠡᠨ ᠪᠠᠷᠲᠠᠭ᠎ᠠ ᠶᠡᠬᠡᠳᠦ ᠪᠠᠯᠠᠷ ᠰᠢᠭᠤᠢ ᠶ᠋ᠢ ᠰᠢᠪᠳᠤᠯᠤᠨ ᠳᠤᠭᠤᠯᠵᠤ ᠭᠤᠨᠢᠭ ᠵᠤᠪᠠᠯᠠᠩ ᠲᠠᠢ ᠵᠦᠳᠡᠷᠡᠨ ᠠᠶᠠᠯᠠᠵᠤ ᠂ ᠨᠢᠭᠡᠨ ᠡᠳᠦᠷ ᠮᠦᠰᠦᠳᠡᠨ ᠬᠦᠯᠳᠡᠭᠰᠡᠨ ᠯᠣᠤᠬ᠎ᠠ ᠶ᠋ᠢᠨ ᠭᠣᠤᠯ ᠤᠨ ᠲᠡᠷᠳᠡᠭᠡ ᠬᠦᠪᠡᠭᠡᠨ᠎ᠡ
ᠬᠦᠷᠴᠦ ᠢᠷᠡᠵᠡᠢ ᠃ ᠡᠨᠳᠡ ᠳᠦᠷ ᠬᠦᠯ ᠠᠮᠠᠷᠠᠭᠤᠯᠬᠤ ᠶ᠋ᠢᠨ ᠵᠡᠷᠭᠡᠳᠡ ᠯᠠᠪᠳᠠᠭᠤᠨ ᠢᠳᠡᠭᠡᠯ ᠲᠠᠢ ᠬᠦᠴᠦᠨ ᠤ ᠬᠦᠮᠦᠨ ‍ᠢ ᠵᠠᠷᠤᠵᠦ ᠭᠡᠳᠡᠷᠭᠦ ᠶᠠᠪᠤᠭᠤᠯᠤᠨ ᠵᠢᠨ ᠳ᠋ᠠᠨ ᠪᠤᠮᠪᠤᠳᠠᠨ ᠤ ᠳᠡᠭᠡᠷᠡᠮ ᠤᠨ ᠪᠠᠶᠢᠳᠠᠯ ‍ᠢ ᠯᠠᠪᠯᠠᠷ᠎ᠠ
ᠢᠯᠡᠭᠡᠭᠰᠡᠨ ᠳ᠋ᠥ ᠂ ᠬᠡᠳᠦᠨ ᠡᠳᠦᠷ ᠤᠨ ᠳᠠᠷᠠᠭ᠎ᠠ ᠳᠡᠷᠡ ᠬᠦᠮᠦᠨ ᠮᠤᠷᠢ ᠳᠤᠪᠳᠤᠯᠭᠠᠨ ᠬᠦᠷᠴᠦ  ᠢᠷᠡᠭᠡᠣᠨ ᠂ ᠬᠤᠰᠢᠭᠤᠨ ᠤ ᠮᠠᠰᠢᠪᠠᠭᠠᠳᠤᠷ ᠸᠠᠩ ᠮᠦᠭᠳᠡᠨ ᠤ ᠴᠡᠷᠢᠭ ᠲᠠᠢ ᠬᠤᠯᠪᠤᠭᠠᠯᠠᠵᠤ ᠂ ᠬᠠᠳᠤᠬᠲᠠᠢ ᠰᠦᠮ᠎ᠡ ᠶ᠋ᠢᠨ
ᠬᠠᠪᠢ ᠳ᠋ᠥ ︿ ︿ ᠤᠯᠠᠭᠠᠨ ᠮᠠᠯᠠᠭᠠᠶᠢᠳᠠᠨ ﹀ ﹀ ᠵᠢᠨ  ᠳ᠋ᠠᠨ ᠪᠤᠮᠪᠤᠳᠠᠨ ᠤ ᠳᠡᠭᠡᠷᠡᠮ ‍ᠢ ᠴᠤᠬᠢᠨ ᠢᠯᠠᠬᠰᠠᠨ ᠪᠠᠶᠠᠷ ᠤᠨ ᠮᠡᠳᠡᠭᠡ ᠶ᠋ᠢ ᠬᠦᠷᠭᠡᠨ ᠠᠪᠴᠢᠷᠠᠬᠰᠠᠨ ᠪᠠᠶᠢᠵᠠᠢ ᠃ ᠦᠳᠡᠯᠦᠭᠡ ᠵᠠᠯᠠᠭᠤᠰ ᠤᠯᠠᠨ ᠢᠶᠠᠷ ᠢᠶᠡᠨ ᠶᠡᠬᠡᠳᠡ
ᠪᠠᠶᠠᠷᠯᠠᠨ ᠢᠭᠳᠤᠯᠤᠯ ᠤᠨ ᠬᠠᠯᠠᠭᠤᠨ ᠨᠢᠯᠪᠤᠰᠤ ᠮᠡᠯᠮᠡᠯᠵᠡᠭᠦᠯᠦᠨ ︿ ︿ ᠳᠠᠶᠢᠴᠢᠨ ᠵᠤᠷᠢᠬᠳᠤ ᠮᠠᠰᠢᠪᠠᠭᠠᠳᠤᠷ ᠸᠠᠩ ᠮᠢᠨᠦ ᠂ ᠠᠷᠠᠣᠨ ᠤᠨ ᠡᠮᠦᠨ᠎ᠡ ᠡᠴᠡ ᠬᠦᠨᠦᠭᠡᠯᠳᠦ ᠲᠡᠭᠡᠷᠡᠮ ‍ᠢ ᠳᠠᠷᠤᠵᠤ ᠦᠭᠬᠦᠭᠰᠡᠨ ᠠᠵᠢ ﹀ ﹀ ᠭᠡᠵᠦ
ᠵᠠᠯᠪᠠᠷᠠᠨ ᠲᠠᠯᠠᠷᠬᠠᠭᠠᠣᠨ ᠲᠡᠷᠡ ᠳᠠᠷᠤᠶᠢᠬᠠᠨ ᠠᠴᠢᠶ᠎ᠠ ᠬᠦᠰᠭᠡ ᠪᠠᠨ ᠵᠠᠰᠠᠨ ᠲᠢᠭᠯᠡᠵᠦ ᠭᠡᠳᠡᠷᠭᠦ ᠪᠤᠷᠪᠢ ᠡᠷᠬᠢᠨ ᠭᠡᠷ ᠨᠤᠳᠤᠭ ᠢᠶᠡᠨ ᠳᠠᠬᠢᠨ ᠴᠢᠭᠯᠡᠪᠡ ᠃  ᠬᠦᠴᠦᠨ ᠤ ᠬᠦᠮᠦᠨ ᠮᠠᠯᠴᠢᠣᠨ ᠲᠠᠭᠠᠨ ︿ ︿ ᠮᠠᠯ ᠤᠨᠤᠭ᠎ᠠ ᠪᠠᠨ
ᠬᠤᠶᠢᠨ᠎ᠠ ᠡᠴᠡ ᠠᠯᠭᠤᠷ ᠠᠭᠠᠵᠢᠮ ᠪᠡᠯᠴᠢᠭᠡᠷᠯᠡᠭᠦᠯᠦᠨ ᠲᠠᠭᠤᠵᠤ ᠳᠠᠭᠠᠯᠳᠤᠨ ᠬᠦᠷᠳᠦᠭᠡᠢ ﹀ ﹀ ᠬᠡᠮᠡᠨ ᠵᠠᠬᠢᠨ ᠳᠤᠰᠢᠶᠠᠪᠠ ᠃ ᠬᠡᠳᠦᠨ ᠡᠳᠦᠷ ᠤᠨ ᠳᠠᠷᠠᠭ᠎ᠠ ᠂ ᠳᠦᠷᠦᠯᠬᠢ ᠨᠤᠳᠤᠭ ᠡᠯᠡᠰᠦᠳᠦᠷᠦᠭᠦᠤ ᠳ᠋ᠥ ᠪᠠᠨ ᠪᠤᠴᠠᠨ
ᠢᠷᠡᠭᠡᠣᠨ ᠪᠠᠷᠠᠯᠠᠨ ᠦᠵᠡᠬᠦᠶ᠎ᠡ ᠪᠠᠶᠢᠰᠢᠩ ᠭᠡᠷ ᠂ ᠰᠠᠩ ᠬᠦᠮᠦᠷᠭᠡ ᠂ ᠬᠡᠷᠡᠮ ᠬᠠᠰᠢᠶ᠎ᠠ ᠂ ᠮᠤᠳᠤ ᠳᠦᠯᠡᠭᠡ ᠶᠠᠭᠤ ᠪᠦᠬᠦᠨ ᠭᠠᠯᠳᠠᠬᠳᠠᠨ ᠬᠠᠷᠠᠯᠠᠵᠦ ᠂ ᠬᠠᠷᠠᠰᠠᠯᠳᠤ ᠪᠠᠶᠢᠳᠠᠯ ‍ᠢ ᠬᠠᠷᠠᠬᠤ ᠶ᠋ᠢᠨ ᠠᠷᠭ᠎ᠠ ᠦᠭᠡᠢ ᠮᠠᠭᠤᠬᠠᠢ
ᠲᠦᠷᠢ ᠲᠠᠢ ᠪᠤᠯᠤᠬᠰᠠᠨ ᠪᠠᠶᠢᠵᠠᠢ ᠃ ᠡᠭᠦᠨ ‍ᠢ ᠤᠯᠵᠤ ᠬᠠᠷᠠᠬᠰᠠᠨ ᠲᠠᠶᠢᠲᠠᠢ ᠨᠠᠷ ᠲᠡᠰᠴᠦ ᠴᠢᠳᠠᠯ ᠦᠭᠡᠢ ᠡᠭᠰᠢᠨ ᠪᠦᠭᠰᠢᠨ ᠤᠬᠢᠯᠠᠯᠳᠤᠪᠠᠢ ᠃ ︿ ︿ ᠤᠬᠢᠯᠠᠵᠤ ᠭᠤᠲᠤᠷᠠᠯ᠎ᠠ ᠭᠡᠣᠨ ᠶᠠᠭᠠᠬᠢᠬᠤ ᠪᠤᠢ ᠂ ᠳᠤᠳᠠᠭᠠᠵᠤ ᠭᠠᠷᠤᠬᠰᠠᠨ  ᠦ ᠰᠠᠶᠢᠨ ᠢᠶᠠᠷ ᠵᠤᠯ ᠢᠶᠠᠷ ᠠᠮᠢ ᠭᠠᠷᠤᠬᠰᠠᠨ ᠪᠢᠰᠢᠤ ﹀ ﹀ ᠬᠡᠮᠡᠨ ᠡᠪᠦᠭᠡᠣᠨ ᠨᠠᠷ ᠨᠢ ᠬᠠᠬᠢᠷ ᠬᠦᠶᠢᠳᠡᠨ ᠲᠠᠢ ᠲᠡᠮᠡᠴᠡᠯ ᠬᠢᠵᠦ ᠂ ᠰᠢᠪᠠᠷ ᠵᠠᠭᠤᠷᠠᠵᠤ ᠨᠢᠴᠤᠭᠦᠨ ᠭᠠᠷ ᠢᠶᠠᠷ ᠢᠶᠡᠨ ᠫᠢ ᠬᠡᠪᠯᠡᠨ ᠴᠤᠬᠢᠵᠦ ᠠᠷᠭᠠᠴᠠᠨ ᠪᠠᠶᠢᠵᠦ ᠳᠦᠷ ᠰᠢᠷᠭᠤᠵᠤ ᠪᠤᠯᠤᠮᠠᠷ ᠭᠡᠷ ᠪᠠᠶᠢᠰᠢᠩ ᠬᠡᠳᠦᠨ ᠳᠠᠰᠤᠯᠭ᠎ᠠ ᠪᠠᠷᠢᠵᠦ ᠂ ᠨᠢᠭᠡᠨ ᠡᠪᠦᠯ ‍ᠢ ᠦᠩᠭᠡᠷᠡᠭᠦᠯᠬᠦ ᠪᠠᠷ ᠪᠤᠯᠪᠠ ᠃ ᠶᠠᠭ ᠡᠨᠡ ᠦᠶᠡᠰ  ᠲᠤ ᠭᠡᠷ ᠤᠨ ᠭᠤᠣᠯ ᠳᠠᠩᠵᠢᠶᠠᠳᠠ ᠪᠤᠯᠤᠴᠢᠯᠠᠭᠤ ᠶ᠋ᠢᠨ ᠬᠤᠯᠤᠨᠴᠠ ᠡᠪᠦᠭᠡ ᠣᠳᠤ ᠨᠠᠰᠤᠳᠠᠨ ᠬᠡᠳᠦᠷᠬᠡᠢ ᠵᠦᠳᠡᠷᠡᠵᠦ ᠵᠤᠪᠠᠨᠢᠨ ᠡᠪᠡᠣᠨᠴᠢᠨ ᠠᠷᠬᠠᠭ ᠳᠠᠪᠬᠤᠴᠠᠵᠤ ᠬᠡᠪᠳᠡᠷᠢ ᠳ᠋ᠥ ᠣᠷᠤᠵᠦ ᠴᠢᠰᠦ ᠨᠦᠵᠢ ᠪᠠᠷ ᠬᠠᠨᠢᠶᠠᠯᠭᠠᠨ ᠨᠠᠰᠤ ᠪᠠᠷᠠᠬᠰᠠᠨ ᠪᠠᠶᠢᠵᠠᠢ ᠃
      ᠵᠢᠨ ᠳ᠋ᠠᠨ ᠪᠤᠮᠪᠤ᠋ ᠳᠡᠭᠡᠷᠡᠮᠴᠢᠣᠨ ᠢᠶᠡᠨ ᠳᠠᠭᠠᠭᠤᠯᠤᠨ ᠳᠤᠬᠢᠵᠤ ᠴᠠᠭᠠᠨᠲᠠᠯ᠎ᠠ ᠶ᠋ᠢᠨ ᠠᠪᠤᠷᠠᠯ ᠤᠨ ᠭᠡᠷ ‍ᠢ ᠴᠦᠯᠪᠡᠨ ᠲᠡᠭᠡᠷᠡᠮᠳᠡᠵᠦ ᠠᠯᠠᠵᠦ ᠪᠤᠯᠢᠶᠠᠵᠦ ᠭᠠᠯᠳᠠᠵᠦ ᠪᠠᠷᠠᠮᠠᠬᠴᠠ ᠳᠠᠷᠠᠭ᠎ᠠ ᠡᠳᠦᠷ ᠨᠢ ᠵᠡᠷᠯᠢᠭ ᠪᠤᠮᠪᠤ᠋ ᠵᠢᠨ ᠳ᠋ᠠᠨ
 ᠶᠡᠬᠡᠯ᠎ᠡ ᠰᠦᠷ ᠮᠠᠨᠳᠤᠭᠤᠯᠤᠨ ᠮᠤᠷᠢᠨ ‍ᠢ ᠲᠡᠭᠡᠷ᠎ᠡ ᠲᠡᠬᠡᠷ᠎ᠡ ᠨᠢ ᠭᠤᠶᠠᠳᠠᠨ ᠰᠢᠪᠳᠠᠵᠤ ᠂ ᠨᠡᠷ᠎ᠡ ᠴᠣᠤᠳᠤ ᠡᠯᠡᠰᠦᠳᠦᠷᠦᠭᠦᠤ ᠠᠶᠢᠯ ᠤᠨ ᠪᠠᠷᠠᠭᠤᠨ ᠡᠮᠦᠨ᠎ᠡ ᠡᠴᠡ ᠳᠤᠪᠳᠤᠯᠭᠠᠨ ᠣᠷᠤᠵᠦ ᠢᠷᠡᠭᠡᠣᠨ ᠦᠵᠡᠬᠦᠢ ᠳ᠋ᠥ ᠸᠠᠩ
ᠣᠪᠤᠬᠳᠠᠨ ᠤ ᠶᠡᠬᠡ ᠬᠦᠷᠢᠶ᠎ᠡ ᠡᠭᠦᠳᠡ ᠬᠠᠭᠠᠯᠭ᠎ᠠ ᠪᠠᠨ ᠳᠦᠭᠵᠢᠵᠤ ᠬᠦᠮᠦᠨ ᠠᠮᠢᠳᠠᠨ ᠤ ᠪᠠᠷ᠎ᠠ ᠦᠭᠡᠢ   ᠪᠠᠶᠢᠯ᠎ᠠ ᠃ ᠳᠡᠳᠡᠭᠡᠷ ᠳᠡᠭᠡᠷᠡᠮᠴᠢᠣᠨ ᠡᠷᠦᠬᠡ ᠶ᠋ᠢᠨ ᠡᠬᠦᠳᠡ ᠴᠤᠩᠬᠤ ᠶ᠋ᠢ ᠡᠪᠳᠡᠨ ᠤᠷᠤᠵᠦ ᠦᠵᠡᠬᠦ ᠳ᠋ᠥ ᠡᠳ᠋
ᠡᠷᠳᠡᠨᠢᠰ ᠠᠮᠤ ᠪᠤᠳᠠᠭᠠᠨ ᠤ ᠵᠤᠶᠢᠯᠡᠰ ᠳᠡᠮᠡᠢ ᠬᠠᠷᠠᠬᠳᠠᠬᠤ ᠦᠭᠡᠢ ᠪᠤᠯᠬᠤᠷ ᠵᠢᠨ ᠳ᠋ᠠᠨ ᠪᠤᠮᠪᠤ᠋ ᠶᠡᠬᠡᠯ᠎ᠡ ᠲᠠᠴᠢᠶᠠᠳᠠᠨ ᠬᠢᠯᠢᠩᠯᠡᠵᠦ ᠬᠠᠷᠢᠶᠠᠯ ᠲᠠᠯᠪᠢᠪᠠ ᠃ ︿ ︿ ᠮᠠᠭᠤ ᠰᠡᠪᠡᠰᠦ ᠂ ᠬᠦᠮᠦᠨ ᠨᠢ ᠳᠤᠳᠠᠭᠠᠬᠰᠠᠨ ᠪᠤᠯᠪᠠᠴᠦ ᠭᠡᠷ ᠪᠠᠶᠢᠰᠢᠩ ᠨᠢ ᠳᠤᠳᠠᠭᠠᠵᠤ ᠬᠦᠴᠦᠷᠬᠦ ᠪᠤᠶᠤ ᠂ ᠲᠠᠨᠤᠰ ‍ᠢ ᠬᠠᠷᠢᠵᠤ ᠢᠷᠡᠪᠡᠴᠦ ᠣᠷᠤᠬᠤ ᠭᠡᠷ ᠦᠭᠡᠢ ᠪᠤᠯᠭᠠᠵᠦ ᠬᠦᠯᠳᠡᠭᠡᠵᠦ ᠠᠯᠠᠰᠤᠭᠠᠢ ﹀ ﹀ ᠬᠡᠮᠡᠨ ᠵᠠᠷᠯᠢᠭ ᠪᠠᠭᠤᠯᠭᠠᠨ ᠂ ᠣᠷᠢᠳᠠᠪᠠᠷ ᠸᠠᠩ ᠣᠪᠤᠬᠳᠠᠨ ᠤ ᠵᠡᠭᠦᠨ ᠪᠠᠷᠠᠭᠤᠨ ᠬᠤᠶᠠᠷ ᠶᠡᠬᠡ ᠬᠤᠷᠤᠭ᠎ᠠ ᠡᠴᠡ ᠡᠬᠢᠯᠡᠨ ᠭᠠᠯ ᠳᠠᠯᠪᠢᠬᠰᠠᠨ ᠳ᠋ᠥ ᠬᠤᠷᠤᠮᠬᠠᠨ ᠵᠠᠭᠤᠷ᠎ᠠ ᠪᠦᠬᠦᠶᠢᠯᠡ ᠡᠯᠡᠰᠦᠳᠦᠷᠦᠭᠦᠤ ᠠᠶᠢᠯ ᠭᠠᠯ ᠤᠨ ᠳᠠᠯᠠᠢ ᠳ᠋ᠥ ᠵᠢᠪᠪᠦᠭᠰᠡᠨ ᠪᠠᠶᠢᠵᠠᠢ ᠃


                                 ᠸᠠᠩ ᠪᠤᠯᠤᠴᠢᠯᠠᠭᠤ ᠂ ᠯᠢ ᠪᠤᠶᠠᠨᠴᠤᠭᠯᠠ

ᠢᠷᠡᠯᠳᠡ᠄ ᠨᠠᠶᠢᠷᠠᠭᠤᠯᠤᠭᠴᠢ᠄ ᠳᠤᠯᠠᠭᠠᠨ