ᠪᠦᠬᠦ ᠤᠯᠤᠰ ᠤᠨ ᠦᠨᠳᠦᠰᠦᠲᠡᠨ ᠦ ᠪᠦᠯᠬᠦᠮᠳᠡᠯ ᠳᠠᠪᠰᠢᠯᠲᠠ ᠶ᠋ᠢᠨ ᠵᠢᠱᠢᠶᠡᠴᠢ-- ᠮᠥᠩᠭᠦᠨᠪᠠᠶᠠᠷ

ᠣᠩᠰᠢᠭᠰᠠᠨ ᠤᠳᠠᠭ᠎ᠠ ᠄ 5905     ᠨᠡᠶᠢᠳᠡᠯᠡᠭᠰᠡᠨ ᠴᠠᠭ ᠄ 2018/10/25 15:37:55

      ︿ ︿ ᠮᠥᠩᠭᠦᠨᠪᠠᠶᠠᠷ ﹀ ﹀ ᠭᠡᠵᠦ ᠡᠴᠢᠭᠡ ᠶ᠋ᠢᠨ ᠬᠢᠨ ᠥᠭᠭᠦᠭᠰᠡᠨ ᠰᠠᠶᠢᠬᠠᠨ ᠨᠡᠷ᠎ᠡ ᠃ ᠬᠦᠮᠦᠰ ᠪᠢᠴᠢᠬᠦᠶ᠎ᠡ ︿ ︿ ᠮᠥᠩᠬᠡᠪᠠᠶᠠᠷ ﹀ ﹀ ᠭᠡᠳᠡᠭ ᠪᠤᠶᠤ ᠨᠡᠶᠢᠭᠡᠮ ᠪᠣᠯᠣᠨ ᠠᠯᠪᠠᠨ ᠤ ᠬᠢᠨ ︿ ︿ ᠮᠥᠩᠬᠡ ﹀ ﹀ ᠭᠡᠵᠦ ᠳᠥᠭᠦᠮᠴᠢᠯᠡᠨ ᠳᠠᠭᠤᠳᠠᠳᠠᠭ ᠃ ᠮᠥᠩᠬᠡ ᠪᠣᠯ ᠨᠠᠢᠮᠠᠨ ᠬᠤᠰᠢᠭᠤᠨ ᠤ ᠳᠠᠴᠢᠨᠲᠠᠯ᠎ᠠ ᠪᠠᠯᠭᠠᠰᠤᠨ ᠤ ᠮᠥᠩᠬᠡ ᠭᠠᠴᠠᠭ᠎ᠠ ᠪᠠᠷ ᠨᠤᠲᠤᠭ ᠲᠠᠢ ᠤᠯᠤᠰ ᠤᠨ ᠺᠠᠳ᠋ᠷ ᠠᠯᠪᠠᠨ ᠲᠤᠰᠢᠶᠠᠯᠲᠠᠨ ᠃ 2017 ᠣᠨ ᠤ ᠨᠠᠢᠮᠠᠨ ᠬᠤᠰᠢᠭᠤᠨ ᠤ ᠠᠷᠪᠠᠨ ᠳᠣᠯᠤᠳᠤᠭᠠᠷ ᠬᠣᠭᠣᠴᠠᠭᠠᠨ ᠤ ᠠᠷᠠᠳ ᠤᠨ ᠲᠥᠯᠦᠭᠡᠯᠡᠭᠴᠢᠦᠨ ᠤᠨ ᠶᠡᠬᠡ ᠬᠤᠷᠠᠯ ᠤᠨ ᠨᠢᠭᠡᠳᠦᠭᠡᠷ ᠤᠳᠠᠭᠠᠨ ᠤ ᠬᠤᠷᠠᠯᠳᠤᠭᠠᠨ ᠳᠡᠭᠡᠷ᠎ᠡ ᠬᠤᠰᠢᠭᠤᠨ ᠤ ᠠᠷᠠᠳ ᠤᠨ ᠵᠠᠰᠠᠭ ᠤᠨ ᠣᠷᠳᠤᠨ ᠤ ᠬᠤᠰᠢᠭᠤᠨ ᠳᠠᠷᠤᠭ᠎ᠠ ᠪᠦᠷᠢᠨ ᠭᠤᠸᠠᠢ ᠠᠵᠢᠯ ᠤᠨ ᠢᠯᠡᠦᠨᠬᠡᠯ ᠳ᠋ᠡᠬᠡᠨ ᠮᠥᠩᠬᠡ ᠵᠡᠷᠭᠡ ᠬᠡᠳᠦᠨ ᠬᠦᠮᠦᠨ ᠢ ᠲᠤᠰᠬᠠᠢ ᠨᠡᠷ᠎ᠡ ᠳᠤᠷᠠᠳᠤᠨ ᠨᠠᠢᠮᠠᠨ ᠤ ᠨᠡᠶᠢᠭᠡᠮ ᠦᠨ ᠬᠥᠭᠵᠢᠯᠲᠡ ᠤᠶᠤᠨ ᠤ ᠪᠣᠯᠪᠠᠰᠤᠨ ᠦᠨᠳᠦᠰᠦᠲᠡᠨ ᠦ ᠪᠦᠯᠭᠦᠮᠳᠡᠯ ᠳᠠᠪᠰᠢᠯᠲᠠ ᠳ᠋ᠤ ᠤᠶᠤᠨ ᠤᠬᠠᠭᠠᠨ ᠬᠦᠴᠦᠨ ᠴᠢᠳᠠᠯ ᠢᠶᠡᠨ ᠬᠠᠷᠠᠮ ᠦᠭᠡᠢ ᠡᠷᠭᠦᠨ ᠲᠤᠩ ᠶᠡᠬᠡ ᠢᠳᠡᠪᠬᠢ ᠤᠶᠢᠯᠡᠳᠦᠯᠦᠵᠡᠭᠦᠯᠵᠦ ᠪᠤᠢ ᠬᠡᠮᠡᠨ ᠮᠠᠬᠲᠠᠨ ᠰᠠᠶᠢᠰᠢᠶᠠᠬᠰᠠᠨ ᠪᠠᠶᠢᠳᠠᠭ ᠃

      ᠮᠥᠩᠬᠡ ( ᠮᠥᠩᠭᠦᠨᠪᠠᠶᠠᠷ ) ᠂ 1962 ᠣᠨ ᠤ 11 ᠰᠠᠷ᠎ᠠ ᠶ᠋ᠢᠨ 29 ᠦ ᠡᠳᠥᠷ ᠂ ᠮᠥᠩᠬᠡ ᠠᠶᠢᠯ ᠤᠨ ᠠᠵᠢᠯᠴᠢ ᠬᠥᠳᠡᠯᠮᠦᠷᠢᠴᠢ ᠠᠷᠢᠭᠤᠨ ᠴᠢᠭᠡᠴᠢ ᠪᠦᠯᠢ ᠪᠣᠯᠬᠤ ᠸᠠᠩ ᠣᠪᠣᠬᠳᠦ  ᠡᠴᠢᠭᠡ ᠰᠠᠩᠪᠤ᠋ ᠪᠣᠯᠣᠨ ᠴᠸᠨ ᠣᠪᠣᠬᠳᠦ ᠡᠬᠡ ᠰᠠᠮᠡᠭ᠎ᠠ ᠶ᠋ᠢᠨ ᠢᠶ᠋ᠡᠨ ᠤᠣᠭᠠᠨ ᠬᠥᠪᠡᠭᠦᠨ ᠨᠢ ᠪᠣᠯᠣᠨ ᠵᠣᠯ ᠲᠠᠢ ᠵᠠᠶᠠᠭᠠᠵᠤ ᠂ ᠨᠠᠰᠤᠨ ᠳ᠋ᠤ ᠬᠦᠷᠦᠮᠡᠭᠴᠡ ᠰᠤᠷᠭᠠᠭᠤᠯᠢ ᠰᠣᠶᠣᠯ ᠤᠨ ᠮᠦᠷ ᠢ ᠱᠠᠳᠤ ᠱᠠᠳᠤ ᠪᠠᠷ ᠬᠠᠶᠢᠵᠤ ᠂ 1983 ᠣᠨ ᠤ 7 ᠰᠠᠷ᠎ᠠ ᠳ᠋ᠤ ᠥᠪᠥᠷ ᠮᠤᠩᠭᠤᠯ ᠤᠨ ᠴᠠᠬᠳᠠᠭᠠᠨ ᠤ ᠰᠤᠷᠭᠠᠭᠤᠯᠢ ᠶ᠋ᠢ ᠲᠡᠭᠦᠰ ᠠᠮᠵᠢᠯᠲᠠ ᠲᠠᠢ ᠲᠡᠭᠦᠰᠭᠡᠨ ᠨᠤᠲᠤᠭ ᠲᠠᠭᠠᠨ ᠪᠤᠴᠠᠨ ᠢᠷᠡᠵᠦ ᠨᠠᠢᠮᠠᠨ ᠬᠤᠰᠢᠭᠤᠨ ᠤ ᠳᠣᠳᠤᠭᠠᠳᠤ ᠶ᠋ᠢ ᠬᠠᠮᠠᠭᠠᠯᠠᠬᠤ ᠳᠣᠪᠴᠢᠶᠠᠨ ᠳ᠋ᠤ ᠠᠵᠢᠯ ᠤᠨ ᠭᠠᠷᠤᠭ᠎ᠠ ᠠᠪᠴᠠᠢ ᠃ ᠠᠵᠢᠯ ᠤᠨ ᠪᠠᠶᠢᠷᠢ ᠳ᠋ᠤ ᠲᠡᠷᠡ ᠪᠡᠷ ᠡᠷᠡᠭᠦᠦ ᠶ᠋ᠢᠨ ᠴᠠᠬᠳᠠᠭᠠᠨ ᠤ ᠳᠤᠮᠳᠠ ᠠᠩᠭᠢ ᠶ᠋ᠢᠨ ᠳᠠᠷᠤᠭ᠎ᠠ ᠂ ᠶᠡᠬᠡ ᠠᠩᠭᠢ ᠶ᠋ᠢᠨ ᠳᠠᠷᠤᠭ᠎ᠠ ᠵᠡᠷᠭᠡ ᠡᠭᠦᠷᠭᠡ ᠲᠤᠰᠢᠶᠠᠯ ᠢ ᠬᠠᠷᠢᠭᠤᠴᠠᠨ ᠦᠨᠳᠦᠷ ᠠᠮᠵᠢᠯᠲᠠ ᠥᠯᠡᠮᠵᠢ ᠵᠢᠦᠨᠬᠦᠯ ᠲᠠᠢ ᠥᠩᠭᠡ ᠭᠢᠯᠡᠯᠵᠠᠮ᠎ᠠ ᠪᠡᠶᠡᠯᠡᠭᠦᠯᠵᠦ 2006 ᠣᠨ ᠳ᠋ᠤ ᠳᠣᠳᠤᠭᠠᠳᠤ ᠶ᠋ᠢ ᠬᠠᠮᠠᠭᠠᠯᠠᠬᠤ ᠲᠣᠪᠴᠢᠶᠠᠨ ᠤ ᠳᠡᠳ᠋ ᠳᠠᠷᠤᠭ᠎ᠠ ᠪᠠᠷ  ᠳᠡᠪᠰᠢᠭᠦᠯᠦᠭᠳᠡᠨ ᠣᠳᠤ ᠪᠣᠯᠲᠠᠯ᠎ᠠ ᠠᠵᠢᠯᠯᠠᠵᠤ ᠪᠠᠶᠢᠨ᠎ᠠ ᠃ ᠲᠡᠷᠡ ᠪᠡᠷ ᠰᠤᠷᠤᠯᠴᠠᠯᠭ᠎ᠠ ᠤᠶᠢᠯᠡᠳᠦᠯᠭᠡ ᠶ᠋ᠢᠨ ᠳᠣᠮᠳᠠ ᠬᠦᠮᠦᠵᠢᠯ ᠬᠦᠷᠲᠡᠬᠦ ᠶ᠋ᠢ ᠪᠠᠷᠢᠮᠲᠠᠯᠠᠵᠤ ᠮᠠᠰᠢ ᠴᠢᠩᠭ᠎ᠠ ᠤᠯᠤᠰ ᠲᠥᠷᠥ ᠪᠠ ᠶᠡᠬᠡ ᠪᠠᠶᠢᠳᠠᠯ ᠤᠨ ᠦᠵᠡᠯᠲᠡ ᠲᠠᠢ ᠂ ᠨᠡᠯᠢᠶᠡᠳ ᠥᠨᠳᠦᠷ ᠣᠨᠤᠯ ᠪᠠ ᠲᠥᠷᠥ ᠶ᠋ᠢᠨ ᠪᠣᠳᠤᠯᠭ᠎ᠠ ᠶ᠋ᠢᠨ ᠬᠢᠷᠢ ᠲᠥᠪᠰᠢᠨ ᠲᠠᠢ ᠪᠣᠯᠤᠬᠰᠠᠨ ᠪᠠᠶᠢᠳᠠᠭ ᠃ ᠦᠨᠳᠦᠰᠦᠲᠡᠨ ᠦ ᠪᠦᠯᠭᠦᠮᠳᠡᠯ ᠳ᠋ᠦ ᠠᠳᠠᠯᠢ ᠪᠣᠰᠤ ᠦᠨᠳᠦᠰᠦᠲᠡᠨ ᠬᠣᠭᠣᠷᠣᠨᠳᠤ ᠶ᠋ᠢᠨ ᠪᠦᠯᠭᠦᠮᠳᠡᠯ ᠪᠠᠬᠲᠠᠬᠤ ᠪᠦᠭᠡᠦᠨ ᠦᠨᠳᠦᠰᠦᠲᠡᠨ ᠦ ᠳᠣᠳᠤᠭᠠᠳᠤ ᠶ᠋ᠢᠨ ᠪᠦᠯᠭᠦᠮᠳᠡᠯ ᠴᠤ ᠪᠠᠬᠲᠠᠬᠤ ᠶᠣᠰᠣ ᠶ᠋ᠢ ᠲᠣᠳᠣ ᠮᠡᠳᠡᠵᠦ ᠂ ᠨᠡᠶᠢᠭᠡᠮ ᠲᠠᠶᠠᠭᠠᠷ ᠤᠬᠠᠭᠤᠯᠭ᠎ᠠ ᠲᠠᠶᠢᠯᠤᠮᠵᠢ ᠥᠷᠨᠢᠭᠦᠯᠦᠨ ᠣᠯᠠᠨ ᠤ  ᠬᠠᠯᠠᠭᠤᠨ ᠤᠬᠳᠤᠯ ᠤᠳᠤᠷᠢᠳᠤᠯᠭ᠎ᠠ  ᠶ᠋ᠢᠨ ᠬᠠᠶᠢᠷ᠎ᠠ ᠢᠲᠡᠭᠡᠯ ᠢ ᠣᠯᠵᠠᠢ ᠃

      1999 ᠣᠨ ᠳ᠋ᠤ ᠨᠠᠢᠮᠠᠨ ᠬᠤᠰᠢᠭᠤᠨ ᠤ ︿ ︿ ᠠᠷᠪᠠᠨ ᠰᠣᠳᠣᠨ ᠵᠠᠯᠠᠭᠤ ﹀ ﹀ ᠪᠡᠷ ᠥᠨᠡᠯᠡᠭᠳᠡᠵᠦ ᠂ 2004 ᠣᠨ ᠳ᠋ᠤ ᠪᠦᠬᠦ ᠬᠤᠰᠢᠭᠤᠨ ᠤ ᠦᠨᠳᠦᠰᠦᠲᠡᠨ ᠦ ᠪᠦᠯᠭᠦᠮᠳᠡᠯ ᠳᠠᠪᠰᠢᠯᠲᠠ ᠶ᠋ᠢᠨ ᠲᠡᠷᠢᠭᠦᠨ ᠦ ᠬᠤᠪᠢ ᠬᠦᠮᠦᠨ ᠢᠶ᠋ᠡᠷ ᠥᠨᠡᠯᠡᠭᠳᠡᠨ ᠂ 2006 ᠣᠨ ᠳ᠋ᠤ ᠪᠦᠬᠦ ᠣᠷᠣᠨ ᠤ ᠭᠠᠵᠢᠭᠤ ᠨᠣᠮᠯᠠᠯ ᠢ ᠰᠡᠷᠡᠮᠵᠢᠯᠡᠨ ᠰᠢᠢᠦᠨᠪᠦᠷᠢᠯᠡᠭᠰᠡᠨ ᠲᠡᠷᠢᠭᠦᠨ ᠦ ᠬᠤᠪᠢ ᠬᠦᠮᠦᠨ ᠢᠶ᠋ᠡᠷ ᠥᠨᠡᠯᠡᠭᠳᠡᠵᠦ ᠂ 2010 ᠣᠨ ᠳ᠋ᠤ ᠲᠥᠩᠯᠢᠶᠣᠤ ᠬᠣᠲᠠ ᠶ᠋ᠢᠨ ᠠᠷᠠᠳ ᠤᠨ ᠵᠠᠰᠠᠭ ᠤᠨ ᠣᠷᠳᠤᠨ ᠳ᠋ᠤ ᠭᠠᠯ ᠤᠨᠲᠠᠷᠠᠭᠠᠵᠤ ᠭᠠᠯ ᠰᠡᠷᠭᠡᠶᠢᠯᠡᠭᠰᠡᠨ ᠲᠡᠷᠢᠭᠦᠨ ᠦ ᠬᠤᠪᠢ ᠬᠦᠮᠦᠨ ᠢᠶ᠋ᠡᠷ ᠬᠥᠬᠢᠭᠦᠯᠦᠭᠳᠡᠨ ᠂ 2014 ᠣᠨ ᠳ᠋ᠤ ᠪᠦᠬᠦ ᠤᠯᠤᠰ ᠤᠨ ᠦᠨᠳᠦᠰᠦᠲᠡᠨ ᠦ ᠪᠦᠯᠭᠦᠮᠳᠡᠯ ᠳᠠᠪᠰᠢᠯᠲᠠ ᠶ᠋ᠢᠨ ᠵᠢᠱᠢᠶᠡᠴᠢ ᠬᠤᠪᠢ ᠬᠦᠮᠦᠨ ᠦ ᠥᠨᠡᠮᠯᠡᠯ ᠱᠠᠩᠨᠠᠯ ᠢ ᠲᠣᠰᠴᠤ ᠂ ᠤᠷᠢᠳ ᠬᠣᠵᠢᠳ ᠭᠣᠷᠪᠠᠳᠤᠭᠠᠷ ᠳᠡᠰ ᠦᠨ ᠭᠠᠪᠢᠶ᠎ᠠ ᠶ᠋ᠢ 5 ᠤᠳᠠᠭ᠎ᠠ ᠪᠠᠶᠢᠭᠤᠯᠵᠤ ᠬᠣᠪᠢᠨ ᠤ ᠨᠡᠷ᠎ᠡ ᠨᠤᠲᠤᠭ ᠤᠨ ᠠᠯᠳᠠᠷ ᠢᠶᠡᠨ ᠡᠷᠭᠦᠵᠦ ᠣᠮᠣᠭ ᠪᠠᠳᠠᠷᠠᠩᠭᠤᠢ ᠶᠠᠪᠤᠨ᠎ᠠ ᠪᠢᠯᠡ ᠃

                                               ᠯᠢ ᠪᠤᠶᠠᠨᠴᠤᠬᠯᠠ
ᠢᠷᠡᠯᠳᠡ᠄ ᠨᠠᠶᠢᠷᠠᠭᠤᠯᠤᠭᠴᠢ᠄ ᠳᠤᠯᠠᠭᠠᠨ