ᠨᠠᠰᠤᠲᠠᠨ ᠢᠶᠡᠨ ᠬᠠᠷᠠᠭᠠᠯᠵᠠᠨ ᠠᠰᠠᠷᠠᠬᠴᠢ ᠬᠠᠶᠢᠷ᠎ᠠ ᠬᠠᠯᠠᠮᠵᠢᠳᠤ ᠭᠡᠷ ᠪᠦᠯᠢ ᠶ᠋ᠢᠨ ᠡᠵᠡᠭᠲᠡᠢ--ᠳᠠᠭᠤᠯᠠ

ᠣᠩᠰᠢᠭᠰᠠᠨ ᠤᠳᠠᠭ᠎ᠠ ᠄ 1854     ᠨᠡᠶᠢᠳᠡᠯᠡᠭᠰᠡᠨ ᠴᠠᠭ ᠄ 2018/10/25 15:01:52

      ᠨᠠᠢᠮᠠᠨ ᠬᠤᠰᠢᠭᠤᠨ ᠤ ᠳᠠᠴᠢᠨᠲᠠᠯ᠎ᠠ ᠪᠠᠯᠭᠠᠰᠤᠨ ᠤ ᠮᠥᠩᠬᠡ ᠭᠠᠴᠠᠭᠠᠨ ᠤ ᠳᠠᠭᠤᠯᠠ  ᠪᠣᠯ ᠳᠣᠮᠳᠠᠳᠤ ᠰᠤᠷᠭᠠᠭᠤᠯᠢ ᠶ᠋ᠢᠨ ᠰᠤᠷᠤᠯᠭ᠎ᠠ ᠶ᠋ᠢᠨ ᠨᠠᠮᠲᠠᠷ ᠲᠠᠢ ᠂ ᠬᠢᠴᠢᠶᠡᠯᠢ ᠨᠠᠰᠤᠨ ᠤ  ᠠᠶᠢᠯ ᠤᠨ ᠪᠡᠷᠢ ᠭᠡᠷ ᠦᠨ ᠡᠵᠡᠭᠲᠡᠢ ᠪᠠᠶᠢᠭ᠎ᠠ ᠶᠤᠮ ᠃
      ᠲᠡᠷᠡ ᠪᠡᠷ 1994ᠣᠨ ᠤ 12 ᠰᠠᠷ᠎ᠠ ᠳ᠋ᠤ ᠲᠣᠰ ᠠᠶᠢᠯ ᠤᠨ ᠲᠠᠷᠤᠴᠢᠨ ᠠᠶᠢᠮᠠᠭ ᠤᠨ ᠲᠢᠶᠠᠨ ᠯᠦᠩ ᠯᠦᠭᠡ ᠣᠷᠣᠭ ᠪᠠᠷᠢᠯᠳᠤᠨ ᠬᠣᠷᠢᠮᠯᠠᠵᠤ ᠂ ᠬᠠᠳᠠᠮ ᠠᠪᠤ᠋ ᠡᠵᠢ ᠲᠠᠢ ᠪᠠᠨ ᠬᠠᠮᠳᠤ ᠰᠢᠨ᠎ᠡ ᠴᠠᠭ ᠤᠨ ᠵᠢᠷᠭᠠᠯᠳᠤ ᠠᠮᠢᠳᠤᠷᠠᠯ ᠢᠶᠡᠨ ᠵᠣᠯᠪᠣᠲᠠᠶᠢᠬᠠᠨ ᠡᠬᠢᠯᠡᠭᠦᠯᠪᠡ ᠃ ᠠᠶᠢᠯ ᠤᠨ ᠪᠡᠷᠢ ᠪᠣᠯᠤᠬᠰᠠᠨ ᠲᠡᠷᠡ ᠡᠳᠥᠷ ᠡᠴᠡ ᠪᠡᠨ ᠡᠬᠢᠯᠡᠨ ᠪᠡᠷᠢ ᠶ᠋ᠢᠨ ᠵᠢᠷᠤᠮ ᠢ ᠪᠠᠳᠦ ᠪᠠᠷᠢᠮᠲᠠᠯᠠᠨ ᠮᠤᠩᠭᠤᠯ ᠤᠨ ᠵᠣᠷᠰᠢᠯ ᠢ ᠮᠠᠭᠠᠤᠨ ᠪᠠᠳᠠᠷᠠᠭᠤᠯᠵᠤ ᠂ ᠨᠠᠰᠤᠲᠠᠨ ᠳ᠋ᠠᠭᠠᠨ ᠠᠴᠢᠯᠠᠯ ᠲᠠᠢ ᠨᠢᠯᠬᠠᠰ ᠲᠠᠭᠠᠨ ᠡᠨᠡᠷᠢᠯ ᠲᠠᠢ ᠪᠠᠶᠢᠵᠤ ᠂ ᠠᠬᠰᠢᠷᠠᠭ᠎ᠠ ᠪᠣᠭᠤᠷᠤᠯ ᠬᠠᠳᠠᠮ ᠠᠪᠤ᠋ ᠪᠠᠨ ᠰᠠᠶᠢᠳᠤᠷ ᠠᠰᠠᠷᠠᠨ ᠰᠣᠪᠢᠯᠠᠵᠤ ᠪᠣᠷᠬᠠᠨ ᠣᠷᠣᠨ ᠳ᠋ᠤ ᠬᠦᠷᠭᠡᠨ ᠂ ᠲᠠᠷᠢᠬᠢᠨ ᠤ ᠴᠢᠰᠤᠨ ᠰᠤᠳᠠᠯ ᠪᠦᠯᠦᠩᠨᠡᠬᠦ ᠬᠥᠨᠳᠦ ᠡᠪᠡᠦᠨᠴᠢᠨ ᠳ᠋ᠦ ᠨᠡᠷᠪᠡᠭᠳᠡᠭᠰᠡᠨ ᠬᠠᠳᠠᠮ ᠡᠬᠡ ᠪᠡᠨ ᠡᠳ᠋ᠯᠡᠬᠦ ᠶ᠋ᠢᠨ ᠰᠠᠶᠢᠨ ᠠᠰᠠᠷᠠᠬᠤ ᠶ᠋ᠢᠨ ᠠᠴᠢ ᠪᠠᠷ ᠨᠠᠶᠠᠨ ᠨᠠᠰᠤᠯᠠᠲᠠᠯ᠎ᠠ  ᠡᠳᠦᠭᠡ ᠪᠣᠯᠲᠠᠯ᠎ᠠ ᠠᠮᠢᠳᠤ  ᠰᠡᠷᠡᠭᠦᠨ ᠠᠪᠴᠤ ᠶᠠᠪᠤᠨ ᠰᠡᠦᠨᠬᠢᠯ ᠲᠡᠨᠢᠭᠦᠨ ᠠᠮᠢᠳᠤᠷᠠᠵᠤ ᠪᠤᠢ ᠃  ᠬᠦᠳᠡᠯᠦᠨ ᠶᠠᠪᠤᠵᠤ ᠴᠢᠳᠠᠯ ᠦᠭᠡᠢ ᠬᠡᠯᠡᠵᠦ ᠶᠠᠷᠢᠨ ᠲᠡᠶᠢᠯᠦᠯ ᠦᠭᠡᠢ ᠮᠡᠳᠡᠷᠡᠯ ᠢᠶ᠋ᠡᠨ ᠠᠯᠳᠠᠬᠰᠠᠨ ᠬᠦᠭᠰᠢᠨ ᠢ ᠡᠳᠥᠷ ᠦᠨ ᠭᠣᠷᠪᠠᠨ ᠡᠷᠡᠨ ᠳ᠋ᠦ ᠬᠣᠭᠣᠯᠠ ᠶ᠋ᠢ ᠨᠢ ᠠᠮᠠᠨ ᠳ᠋ᠦ᠋ᠨᠢ ᠬᠠᠯᠪᠠᠭ᠎ᠠ ᠬᠠᠯᠪᠠᠭ᠎ᠠ ᠪᠠᠷ ᠡᠮᠬᠦᠭᠦᠯᠵᠦ ᠂ ᠡᠷᠭᠦᠨ ᠳᠡᠦᠨᠬᠦᠨ ᠰᠠᠭᠤᠯᠭᠠᠵᠤ ᠥᠪᠡᠰᠦᠪᠡᠨ ᠲᠡᠪᠡᠷᠢᠨ ᠬᠡᠪᠲᠡᠭᠦᠯᠬᠦ  ᠂ ᠬᠣᠪᠴᠠᠰᠤ ᠬᠣᠨᠠᠷ ᠢ ᠨᠢ ᠤᠬᠢᠶᠠᠨ ᠰᠢᠭᠡᠰᠦ ᠪᠠᠭᠠᠰᠤ ᠶ᠋ᠢ ᠨᠢ ᠠᠷᠢᠯᠭᠠᠨ ᠥᠴᠦᠬᠡᠨ ᠴᠤ ᠦᠨᠦᠷ ᠲᠠᠨᠠᠷ ᠦᠭᠡᠢ ᠪᠡᠷ ᠴᠡᠪᠡᠷ ᠠᠷᠢᠭᠤᠨ ᠴᠡᠮᠴᠡᠭᠡᠷ ᠰᠠᠶᠢᠬᠠᠨ ᠠᠪᠴᠤ ᠶᠠᠪᠤᠬᠤ ᠭᠡᠭᠴᠢ ᠬᠡᠳᠦᠬᠡᠨ ᠡᠳᠥᠷ ᠦᠨ ᠶᠠᠪᠤᠳᠠᠯ ᠪᠣᠰᠤ ᠬᠠᠷᠢᠨ ᠬᠡᠳᠦᠨ ᠵᠢᠯ ᠦᠨ ᠠᠵᠢᠯ ᠪᠣᠯᠵᠤ ᠪᠠᠶᠢᠭ᠎ᠠ ᠶᠤᠮ ᠃ ᠡᠨᠡ ᠦᠨᠡᠬᠡᠷ ᠨᠢᠭᠡᠨ ᠮᠤᠩᠭᠤᠯ ᠲᠣᠭᠤᠷᠭᠠᠲᠠᠨ ᠮᠠᠯᠴᠢᠨ ᠬᠦᠮᠦᠨ ᠦ ᠵᠣᠷᠰᠢᠯ ᠢᠶᠠᠷ ᠨᠠᠮ ᠤᠨ ᠰᠠᠶᠢᠨ ᠢ ᠨᠡᠶᠢᠭᠡᠮ ᠳ᠋ᠦ ᠭᠠᠶᠢᠬᠠᠭᠤᠯᠤᠨ ᠨᠡᠶᠢᠭᠡᠮ ᠦᠨ ᠳᠠᠪᠠᠭᠤᠯᠢᠭ ᠢ ᠨᠡᠶᠢᠲᠡ ᠳ᠋ᠦ ᠮᠡᠳᠡᠷᠡᠭᠦᠯᠦᠨ  ᠶᠠᠪᠤᠭ᠎ᠠ ᠣᠨᠴᠠ ᠨᠢᠭᠡᠨ ᠪᠠᠬᠠᠳᠤᠮ᠎ᠠ ᠵᠢᠱᠢᠶ᠎ᠡ ᠪᠠᠶᠢᠭ᠎ᠠ ᠶᠤᠮ ᠃ ᠡᠨᠡ ᠦᠨᠡᠬᠡᠷ ᠲᠠ ᠪᠢᠳᠡᠨ ᠦ ᠰᠤᠷᠤᠯᠴᠠᠭᠤᠰᠢᠲᠠᠢ ᠂ ᠲᠠᠶᠠᠭᠠᠷ ᠲᠦᠮᠡᠨ ᠦ ᠮᠠᠬᠲᠠᠭᠤᠰᠢᠲᠠᠢ ᠡᠷᠬᠢᠮ ᠬᠦᠮᠦᠨ ᠡᠲᠡᠭᠡᠳ ᠤᠶᠢᠯᠡ ᠪᠣᠯᠵᠤ ᠲᠠᠭᠠᠷᠠᠨ᠎ᠠ ᠃
ᠠᠬᠰᠢᠷᠠᠭ᠎ᠠ ᠪᠤᠭᠤᠷᠤᠯ ᠢᠶᠡᠨ ᠠᠰᠠᠷᠠᠵᠤ ᠪᠠᠶᠢᠭ᠎ᠠ ᠶ᠋ᠢ ᠨᠢ ᠰᠤᠷᠤᠯᠴᠠᠶ᠎ᠠ ︕
ᠠᠬᠠᠮᠠᠳ ᠨᠠᠰᠤᠲᠠᠨ ᠢᠶᠡᠨ ᠬᠦᠨᠳᠦᠯᠡᠵᠦ ᠪᠦᠬᠦᠢ ᠶ᠋ᠢ ᠨᠢ ᠰᠤᠷᠤᠯᠴᠠᠶ᠎ᠠ ︕
ᠠᠷᠢᠭᠤᠨ ᠴᠡᠪᠡᠷ ᠠᠮᠢᠳᠤᠷᠠᠵᠤ ᠪᠠᠶᠢᠭ᠎ᠠ ᠶ᠋ᠢ ᠨᠢ ᠰᠤᠷᠤᠯᠴᠠᠶ᠎ᠠ ︕
ᠠᠳᠠᠯ ᠤᠶᠢᠯᠡᠰ ᠲᠡᠬᠡᠨ ᠢᠲᠡᠭᠡᠯ ᠳᠦᠭᠦᠷᠡᠩ ᠢ ᠨᠢ ᠰᠤᠷᠤᠯᠴᠠᠶ᠎ᠠ ︕

                                            ᠯᠢ ᠪᠤᠶᠠᠨᠴᠤᠬᠯᠠ
ᠢᠷᠡᠯᠳᠡ᠄ ᠨᠠᠶᠢᠷᠠᠭᠤᠯᠤᠭᠴᠢ᠄ ᠳᠤᠯᠠᠭᠠᠨ