︿ ︿ ᠵᠣᠷᠯᠤᠩ ᠤᠨ ᠬᠣᠪᠢᠰᠬᠠᠯ ﹀ ﹀

ᠣᠩᠰᠢᠭᠰᠠᠨ ᠤᠳᠠᠭ᠎ᠠ ᠄ 6617     ᠨᠡᠶᠢᠳᠡᠯᠡᠭᠰᠡᠨ ᠴᠠᠭ ᠄ 2018/10/25 8:56:08

︿ ︿ ᠵᠣᠷᠯᠤᠩ ᠤᠨ ᠬᠣᠪᠢᠰᠬᠠᠯ ﹀ ﹀
                ᠯᠢ ᠪᠤᠶᠠᠨᠴᠤᠭᠯᠠ
ᠵᠣᠷᠯᠤᠩ --
ᠬᠦᠮᠦᠰ ᠦᠨ ᠰᠡᠦᠨᠬᠢᠯ ᠳ᠋ᠥ ᠬᠦᠷᠦᠮ᠎ᠡ ᠦᠭᠡᠢ ᠶᠡᠷᠦᠮᠳᠡᠭ ᠦᠭᠡ
ᠬᠤᠪᠢᠰᠬᠠᠯ --
ᠬᠣᠷᠸ᠎ᠠ ᠳᠡᠯᠡᠬᠡᠢ ᠳ᠋ᠥ ᠬᠦᠨᠳᠦ ᠶ᠋ᠢᠨ ᠵᠢᠩ ᠲᠠᠢ ᠶᠡᠬᠡᠮᠰᠦᠭ ᠦᠭᠡ
ᠶᠡᠷᠦᠮᠳᠡᠭ ᠶᠡᠬᠡᠮᠰᠦᠭ ᠬᠣᠶᠠᠷ ᠦᠭᠡ
ᠬᠣᠷᠰᠢᠶ᠎ᠠ ᠬᠣᠯᠪᠤᠭ᠎ᠠ ᠲᠠᠢ ᠪᠣᠯᠤᠬᠰᠠᠨ ᠠᠨᠤ
ᠠᠭᠣᠤ ᠬᠦᠮᠦᠨ ᠦ ᠦᠵᠡᠯ
ᠠᠷᠠᠳ ᠣᠯᠠᠨ ᠤ ᠬᠦᠰᠡᠯ
ᠵᠣᠷᠯᠤᠩ --
ᠬᠦᠮᠦᠨ ᠪᠦᠬᠦᠨ ᠳ᠋ᠥ ᠬᠡᠷᠡᠭᠴᠡᠭᠡ ᠲᠠᠢ
ᠬᠡᠵᠢᠶ᠎ᠡ ᠬᠠᠮᠢᠭ᠎ᠠ ᠴᠤ ᠴᠢᠬᠤᠯᠠ ᠲᠠᠢ
 ︿ ︿ ᠵᠣᠷᠯᠤᠩ ᠤᠨ ᠬᠣᠪᠢᠰᠬᠠᠯ ﹀ ﹀ --
ᠠᠪᠣᠨ ᠰᠣᠨᠤᠰᠬᠤᠶ᠎ᠠ ᠰᠣᠨᠢᠷᠬᠠᠯ ᠲᠠᠢ
ᠠᠬᠢᠨ ᠪᠣᠳᠤᠬᠤᠶ᠎ᠠ ᠪᠠᠬᠠᠷᠬᠠᠯ ᠲᠠᠢ
 ︿ ︿ ᠵᠣᠷᠯᠤᠩ ᠤᠨ ᠬᠤᠪᠢᠰᠬᠠᠯ ﹀ ﹀ --
ᠠᠷᠠᠳ ᠣᠯᠠᠨ ᠢ ᠬᠠᠯᠠᠮᠵᠢᠯᠠᠬᠰᠠᠨ ᠦᠭᠡ
ᠠᠷᠢᠭᠤᠨ ᠴᠡᠪᠡᠷ ᠢ ᠡᠷᠬᠢᠮᠯᠡᠭᠰᠡᠨ ᠦᠭᠡ
ᠠᠬᠤᠢ ᠣᠷᠴᠢᠨ ᠢ ᠬᠠᠮᠠᠭᠠᠯᠠᠬᠰᠠᠨ ᠦᠭᠡ
ᠠᠮᠢ ᠠᠬᠤᠢ ᠶ᠋ᠢ ᠬᠠᠶᠢᠷᠠᠯᠠᠬᠰᠠᠨ ᠦᠭᠡ
ᠦᠵᠡᠯ ᠰᠠᠨᠠᠭ᠎ᠠ ᠰᠠᠶᠢᠬᠠᠨ ᠦᠭᠡ
ᠥᠷᠭᠡᠨ ᠲᠦᠮᠡᠨ ᠦ ᠰᠠᠬᠢᠯ ᠦᠭᠡ
ᠦᠨᠡᠨ ᠵᠥᠪ ᠶᠣᠰᠣ ᠲᠠᠢ ᠦᠭᠡ
ᠥᠨᠢ ᠡᠭᠦᠷᠢᠳᠡ ᠳᠠᠭᠤᠷᠢᠰᠬᠤ ᠦᠭᠡ
ᠬᠣᠭᠤᠰᠤᠨ ᠶᠡᠷᠦᠮᠳᠡᠭ ᠦᠭᠡ ᠪᠣᠰᠤ
ᠬᠣᠲᠠᠯᠠ ᠣᠯᠠᠨ ᠳ᠋ᠥ ᠲᠤᠰᠠᠲᠠᠢ ᠦᠭᠡ
ᠬᠦᠰᠡᠯ ᠵᠣᠷᠢᠭ ᠢ ᠬᠥᠭᠵᠢᠭᠡᠬᠦ ᠦᠭᠡ
ᠬᠦᠳᠡᠯᠭᠡᠭᠡᠨ ᠠᠵᠢᠯᠯᠠᠭᠠᠨ ᠢ ᠵᠢᠯᠤᠭᠣᠤᠨᠬᠤ ᠦᠭᠡ
ᠢᠷᠡᠯᠳᠡ᠄ ᠨᠠᠶᠢᠷᠠᠭᠤᠯᠤᠭᠴᠢ᠄ ᠳᠤᠯᠠᠭᠠᠨ