ᠪᠡᠭᠡᠵᠢᠩ ᠬᠤᠲᠠ ᠶᠢᠨ ᠲᠦᠩ ᠵᠧᠦ ᠲᠤᠭᠤᠷᠢᠭ ᠨᠠᠢ᠌ᠮᠠᠨ ᠬᠤᠰᠢᠭᠤᠨ ᠳᠦ ᠬᠤᠶᠠᠳᠡᠬᠢ ᠤᠳᠠᠭᠠᠨ ᠤ ᠡᠮ ᠡᠮᠨᠡᠯᠭᠡ ᠪᠡᠷ ᠬᠠᠪᠰᠤᠷᠠᠨ ᠳᠡᠮᠵᠢᠬᠦ ᠬᠦᠳᠡᠯᠭᠡᠭᠡᠨ ᠢ ᠦᠷᠨᠢᠭᠦᠯᠪᠡ
ᠣᠩᠰᠢᠭᠰᠠᠨ ᠤᠳᠠᠭ᠎ᠠ ᠄ 5305
ᠨᠡᠶᠢᠳᠡᠯᠡᠭᠰᠡᠨ ᠴᠠᠭ ᠄ 2018/10/25 8:44:57
ᠤᠢᠢᠷ᠎ᠠ ᠳᠦ ᠪᠡᠭᠡᠵᠢᠩ ᠬᠤᠲᠠ ᠶᠢᠨ ᠲᠦᠩ ᠵᠧᠦ ᠲᠤᠭᠤᠷᠢᠭ ᠤᠨ ᠡᠷᠡᠭᠦᠯ ᠬᠠᠮᠠᠭᠠᠯᠠᠯ ᠪᠤᠯᠤᠨ ᠲᠦᠯᠦᠪᠯᠡᠭᠡᠲᠦ ᠦᠷᠡᠵᠢᠯ ᠤᠨ ᠵᠦᠪᠯᠡᠯ ᠤᠨ ᠳᠡᠳ᠋ ᠡᠷᠬᠢᠯᠡᠭᠴᠢ ᠴᠧᠨ ᠴᠠᠩ ᠴᠦᠨ᠂ 18 ᠡᠮ ᠡᠮᠨᠡᠯᠭᠡ ᠶᠢᠨ ᠮᠡᠷᠭᠡᠵᠢᠯᠲᠡᠳ ᠢᠶᠠᠨ ᠵᠤᠬᠢᠶᠠᠨ ᠪᠠᠢᠭᠤᠯᠤᠨ᠂ ᠬᠠᠪᠰᠤᠷᠠᠨ ᠳᠡᠳᠭᠦᠵᠦ ᠪᠠᠢᠢᠭ᠎ᠠ ᠨᠠᠢ᠌ᠮᠠᠨ ᠬᠤᠰᠢᠭᠤᠨ ᠳᠤ ᠢᠷᠡᠵᠦ᠂ ᠬᠤᠶᠠᠳᠡᠬᠢ ᠤᠳᠠᠭᠠᠨ ᠤ ᠡᠮ ᠡᠮᠨᠡᠯᠭᠡ ᠪᠡᠷ ᠬᠠᠪᠰᠤᠷᠠᠨ ᠳᠡᠮᠵᠢᠬᠦ ᠬᠦᠳᠡᠯᠭᠡᠭᠡᠨ ᠢ ᠦᠷᠨᠢᠭᠦᠯᠪᠡ᠃ ᠲᠡᠳᠡ ᠳᠦᠷᠪᠡᠨ ᠳᠤᠭᠤᠢᠢᠯᠠᠩ ᠬᠤᠪᠢᠶᠠᠨ᠂ ᠡᠯ᠎ᠡ ᠭᠠᠵᠠᠷ ᠲᠤ ᠬᠦᠷᠴᠦ ᠡᠮ ᠡᠮᠨᠡᠯᠭᠡ ᠪᠡᠷ ᠬᠠᠪᠰᠤᠷᠠᠨ ᠳᠡᠮᠵᠢᠬᠦ ᠬᠦᠳᠡᠯᠭᠡᠭᠡᠨ ᠢᠶᠠᠨ ᠦᠷᠨᠢᠭᠦᠯᠪᠡ᠃ ᠴᠧᠨ ᠴᠠᠩ ᠴᠦᠨ ᠡᠷᠬᠢᠯᠡᠭᠴᠢ ᠶᠢᠨ ᠳᠤᠭᠤᠢᠢᠯᠠᠩ ᠤᠨ ᠬᠢᠨ᠂ ᠳ᠋ᠦᠩ ᠮᠢᠩ ᠪᠠᠯᠭᠠᠰᠤᠨ ᠳᠦ ᠬᠦᠷᠴᠦ᠂ ᠡᠪᠡᠳᠴᠢᠨ ᠢᠶᠠᠷ ᠶᠠᠳᠠᠭᠤᠷᠠᠭᠰᠠᠨ 5 ᠶᠠᠳᠠᠭᠤ ᠡᠷᠦᠬᠡ ᠶᠢ ᠡᠷᠭᠢᠨ ᠦᠵᠡᠵᠦ᠂ ᠳᠡᠭᠡᠷ᠎ᠡ ᠤᠳᠠᠭ᠎ᠠ 6 ᠰᠠᠷ᠎ᠠ ᠳᠦ ᠤᠨᠤᠰᠢᠯᠠᠭᠰᠠᠨ ᠪᠠᠢᠢᠳᠠᠯ ᠢᠶᠠᠨ ᠦᠨᠳᠦᠰᠦᠯᠡᠨ᠂ 5 ᠶᠠᠳᠠᠭᠤ ᠡᠪᠡᠳᠴᠢᠲᠡᠨ ᠳᠤ 5700 ᠳᠦᠭᠦᠷᠡᠩ ᠤᠨ ᠡᠮ ᠤᠨ ᠵᠦᠢᠯ ᠪᠠ ᠬᠦᠴᠢᠯᠳᠦᠷᠦᠭᠴᠢ ᠬᠦᠷᠭᠡᠭᠴᠢ ᠵᠡᠷᠭᠡ ᠶᠢ ᠬᠦᠷᠭᠡᠭᠰᠡᠨ ᠪᠠᠢᠨ᠎ᠠ᠃ ᠪᠤᠰᠤᠳ ᠭᠤᠷᠪᠠᠨ ᠳᠤᠭᠤᠢᠢᠯᠠᠩ ᠨᠢ ᠳᠠᠴᠢᠨᠲᠠᠯ᠎ᠠ ᠡᠮᠨᠡᠯᠭᠡ ᠶᠢᠨ ᠬᠤᠷᠢᠶ᠎ᠠ᠂ ᠬᠤᠰᠢᠭᠤᠨ ᠦ ᠡᠬᠡ ᠨᠢᠯᠬᠠᠰ ᠤᠨ ᠡᠷᠡᠭᠦᠯᠵᠢᠯ ᠪᠠ ᠲᠦᠯᠦᠪᠯᠡᠭᠡᠲᠦ ᠦᠷᠡᠵᠢᠯ ᠤᠨ ᠮᠡᠷᠭᠡᠵᠢᠯ ᠤᠨ ᠦᠢᠯᠡᠴᠢᠯᠡᠭᠡᠨ ᠤ ᠲᠦᠪ᠂ ᠴᠢᠩ ᠯᠦᠩ ᠱᠠᠨ ᠡᠮᠨᠡᠯᠭᠡ ᠶᠢᠨ ᠬᠤᠷᠢᠶ᠎ᠠ ᠳᠦ ᠬᠦᠷᠴᠦ᠂ ᠠᠯᠪᠠᠨ ᠵᠢᠷᠤᠮ ᠤᠨ ᠡᠮᠴᠢᠯᠡᠭᠡ ᠦᠷᠨᠢᠭᠦᠯᠦᠨ᠂ 200 ᠰᠢᠬᠠᠮ ᠡᠪᠡᠳᠴᠢᠲᠡᠨ ᠢ ᠡᠮᠨᠡᠪᠡ᠃ ᠡᠳᠡᠭᠡᠷ ᠬᠦᠳᠡᠯᠭᠡᠭᠡᠨ ᠨᠢ ᠨᠠᠢ᠌ᠮᠠᠨ ᠬᠤᠰᠢᠭᠤᠨ ᠤ ᠡᠷᠡᠭᠦᠯ ᠴᠢᠬᠢᠷᠠᠭ ᠢᠶᠠᠷ ᠶᠠᠳᠠᠭᠤ ᠶᠢ ᠳᠡᠳᠭᠦᠬᠦ ᠠᠵᠢᠯ ᠳ᠋ᠦ ᠠᠬᠢᠭᠤᠯᠬᠤ ᠦᠢᠯᠡᠳᠦᠯ ᠦᠵᠡᠭᠦᠯᠦᠭᠰᠡᠨ ᠪᠠᠢᠨ᠎ᠠ᠃
ᠪᠠᠶᠠᠨᠵᠢᠷᠭᠠᠯ
ᠢᠷᠡᠯᠳᠡ᠄
ᠨᠠᠶᠢᠷᠠᠭᠤᠯᠤᠭᠴᠢ᠄
ᠳᠤᠯᠠᠭᠠᠨ