ᠬᠦᠮᠦᠨ

ᠣᠩᠰᠢᠭᠰᠠᠨ ᠤᠳᠠᠭ᠎ᠠ ᠄ 6945     ᠨᠡᠶᠢᠳᠡᠯᠡᠭᠰᠡᠨ ᠴᠠᠭ ᠄ 2018/10/24 14:40:50

ᠬᠦᠮᠦᠨ
        ᠯᠢ ᠪᠤᠶᠠᠨᠴᠤᠬᠯᠠ
ᠥᠯᠦᠭᠡᠢ ᠠᠪᠰᠠ ᠶ᠋ᠢ ᠳᠠᠮᠵᠢᠳᠠᠭ ᠠᠮᠢᠲᠠᠨ
ᠥᠰᠪᠦᠷᠢ ᠡᠷᠡᠨ ᠳ᠋ᠡᠬᠡᠨ ᠰᠤᠷᠳᠠᠭ ᠠᠮᠢᠲᠠᠨ
ᠥᠭᠡᠯᠡᠢ ᠪᠣᠯᠪᠠᠯ ᠠᠵᠢᠯᠯᠠᠳᠠᠭ ᠠᠮᠢᠲᠠᠨ
ᠥᠳᠡᠯᠦᠭᠡ ᠨᠠᠰᠤᠨ᠎ᠠ ᠠᠮᠠᠷᠠᠳᠠᠭ ᠠᠮᠢᠲᠠᠨ ᠃
ᠪᠣᠰᠤᠭ᠎ᠠ ᠶᠠᠪᠤᠳᠠᠭ ᠭᠠᠬᠴᠠᠬᠠᠨ ᠠᠮᠢᠲᠠᠨ
ᠪᠣᠳᠤᠯᠭ᠎ᠠ ᠰᠡᠦᠨᠬᠢᠯ ᠪᠣᠳᠤᠯᠢᠶᠠᠨᠲᠠᠢ ᠠᠮᠢᠲᠠᠨ
ᠦᠭᠡ ᠬᠡᠯᠡᠨ ᠳ᠋ᠦ ᠮᠡᠷᠭᠡᠨ ᠠᠮᠢᠲᠠᠨ
ᠦᠰᠦᠭ ᠪᠢᠴᠢᠭ ᠬᠡᠷᠡᠭᠯᠡᠳᠡᠭ ᠠᠮᠢᠲᠠᠨ ᠃
ᠠᠮᠢᠲᠠᠨ ᠤ ᠳᠣᠳᠤᠷᠠᠬᠢ ᠮᠡᠷᠭᠡᠨ ᠨᠢ ᠲᠡᠷᠡ
ᠠᠯᠢᠪᠠ ᠰᠡᠴᠡᠨ ᠤᠬᠠᠭᠠᠨ ᠲᠠᠢ ᠨᠢ ᠲᠡᠷᠡ
ᠬᠦᠮᠦᠨ ᠦ ᠰᠦᠷᠦᠭ ᠦᠨ ᠲᠡᠷᠡ ᠪᠦᠬᠦᠨ
ᠬᠦᠰᠡᠯ ᠵᠣᠷᠢᠯ ᠰᠠᠶᠢᠬᠠᠨ ᠨᠢ ᠰᠠᠶᠢᠨ ᠃
ᠢᠷᠡᠯᠳᠡ᠄ ᠨᠠᠶᠢᠷᠠᠭᠤᠯᠤᠭᠴᠢ᠄ ᠳᠤᠯᠠᠭᠠᠨ