《ᠬᠠᠯᠠᠭᠤᠨ ᠰᠡᠳᠬᠢᠯ  ‍ᠢ ᠡᠷᠬᠦᠨ ᠳᠠᠮᠵᠢᠭᠤᠯᠤᠭᠰᠠᠨ ᠂ ᠬᠠᠶᠢᠷ᠎ᠠ ᠢᠪᠡᠭᠡᠭᠰᠡᠨ ᠳᠠᠯ᠎ᠠ ᠨᠤᠳᠤᠭ 》 ᠬᠠᠶᠢᠷ᠎ᠠ ᠬᠠᠯᠠᠮᠵᠢ ᠪᠠᠷ ᠳᠤᠰᠠᠯᠠᠨ ᠳᠡᠳᠬᠦᠬᠦ ᠨᠠᠶᠢᠳᠠ ᠶ᠋ᠢᠨ ᠠᠰᠠᠷᠠᠮᠵᠢ ᠶ᠋ᠢᠨ ᠠᠵᠢᠯᠯᠠᠭ᠎ᠠ ᠵᠢᠴᠢ 《ᠵᠢᠪᠬᠤᠭᠠᠳᠤ ᠨᠠᠢᠮᠠᠨ》 ᠬᠡᠤᠭᠡᠳ  ‍ᠤᠨ ᠬᠠᠮᠳᠤ ᠶ᠋ᠢᠨ ᠳᠠᠭᠤᠤ  ᠶ᠋ᠢᠨ ᠪᠦᠯᠬᠦᠮ ᠪᠠᠶᠢᠭᠤᠯᠤᠭᠳᠠᠬᠤ ᠬᠦᠳᠡᠯᠭᠡᠭᠡᠨ ᠪᠤᠯᠪᠠ

ᠣᠩᠰᠢᠭᠰᠠᠨ ᠤᠳᠠᠭ᠎ᠠ ᠄ 6704     ᠨᠡᠶᠢᠳᠡᠯᠡᠭᠰᠡᠨ ᠴᠠᠭ ᠄ 2018/10/24 16:35:42


        10 ᠰᠠᠷ᠎ᠠ ᠶ᠋ᠢᠨ 24 ᠤ ᠡᠳᠤᠷ ᠂ ᠨᠠᠢᠮᠠᠨ ᠬᠤᠰᠢᠭᠤᠨ ᠤ ᠬᠤᠩᠬᠤᠷᠳᠠᠯ᠎ᠠ ᠰᠤᠮᠤᠨ ᠤ ᠭᠤᠤᠯ ᠪᠠᠭ᠎ᠠ ᠰᠤᠷᠭᠠᠭᠤᠯᠢ ᠳ᠋ᠤ 《ᠬᠠᠯᠠᠭᠤᠨ ᠰᠡᠳᠬᠢᠯ ᠢ ᠡᠷᠬᠦᠨ ᠳᠠᠮᠵᠢᠭᠤᠯᠤᠭᠰᠠᠨ ᠂ ᠬᠠᠶᠢᠷ᠎ᠠ ᠢᠪᠡᠭᠡᠭᠰᠡᠨ ᠳᠠᠯ᠎ᠠ ᠨᠤᠳᠤᠭ 》 ᠬᠠᠶᠢᠷ᠎ᠠ ᠬᠠᠯᠠᠮᠵᠢ ᠪᠠᠷ ᠳᠤᠰᠠᠯᠠᠨ ᠳᠡᠳᠬᠦᠬᠦ ᠨᠠᠶᠢᠳᠠ ᠶ᠋ᠢᠨ ᠠᠰᠠᠷᠠᠮᠵᠢ ᠶ᠋ᠢᠨᠠᠵᠢᠯᠯᠠᠭ᠎ᠠ ᠵᠢᠴᠢ 《ᠵᠢᠪᠬᠤᠭᠠᠳᠤ ᠨᠠᠢᠮᠠᠨ》 ᠬᠡᠤᠭᠡᠳ ᠤᠨ ᠬᠠᠮᠳᠤ ᠶ᠋ᠢᠨ ᠳᠠᠭᠤᠤ ᠶ᠋ᠢᠨ ᠪᠦᠯᠬᠦᠮ ᠪᠠᠶᠢᠭᠤᠯᠤᠭᠳᠠᠬᠤ ᠬᠦᠳᠡᠯᠭᠡᠭᠡᠨ ᠪᠤᠯᠪᠠ ᠃
       ᠬᠦᠳᠡᠯᠭᠡᠭᠡᠨ ᠳᠠᠭᠡᠷ᠎ᠡ ᠂ ᠨᠠᠢᠮᠠᠨ ᠬᠤᠰᠢᠭᠤᠨ ᠤ ᠠᠷᠠᠳ ᠤᠨ ᠤᠷᠠᠯᠢᠭᠴᠢᠨ ᠂ ᠤᠷᠤᠨ ᠤ ᠨᠠᠷᠠᠳᠤ ᠳᠠᠭᠤᠴᠢᠨ ᠬᠤᠷᠴᠢᠨᠬᠦᠦ ᠪᠠ  ᠳᠡᠬᠦᠨ ᠦ《 ᠳᠠᠯ᠎ᠠ ᠨᠤᠳᠤᠭ ‍ᠤᠨ ᠠᠶᠢᠮᠠᠭ》 ᠤᠨ ᠬᠠᠶᠢᠷ᠎ᠠ ᠬᠠᠯᠠᠮᠵᠢᠳᠠᠨ ᠨᠠᠷ  ᠡᠴᠡ ᠨᠠᠢᠮᠠᠨ ᠬᠤᠰᠢᠭᠤᠨ ᠤ ᠬᠤᠩᠬᠤᠷᠳᠠᠯ᠎ᠠ ᠰᠤᠮᠤᠨ ᠤ ᠭᠤᠤᠯ ᠪᠠᠭ᠎ᠠ ᠰᠤᠷᠭᠠᠭᠤᠯᠢ ᠶ᠋ᠢᠨ ᠠᠷᠠᠳ ᠤᠨ ᠳᠠᠭᠤᠤ ᠶ᠋ᠢᠨ ᠠᠩᠬᠢ ᠶ᠋ᠢᠨ  40  ᠰᠤᠷᠤᠭᠴᠢ  ᠪᠦᠷᠢ ᠳ᠋ᠦ ᠨᠢᠭᠡ ᠪᠠᠶ᠎ᠠ ᠮᠤᠩᠭᠤᠯ ᠳᠡᠷᠯᠢᠭ ᠢᠶᠠᠷ ᠳᠤᠰᠠᠯᠠᠨ ᠳᠡᠳᠬᠦᠵᠦ ᠂ ᠦᠪᠦᠷ ᠮᠤᠩᠭᠤᠯ ᠤᠨ ᠪᠠᠶᠠᠨ ᠬᠠᠩᠭᠠᠢ ᠢᠳᠡᠭᠡᠨ ᠦ ᠵᠦᠢᠯ ᠦᠨ ᠬᠢᠵᠠᠭᠠᠷᠳᠤ ᠺᠤᠮᠫᠠᠨᠢ ᠶ᠋ᠢᠨ ᠬᠠᠷᠢᠭᠤᠴᠠᠯᠭᠠᠳᠠᠨ ᠪᠠᠢ ᠰᠢᠤ ᡁᠢ ᠠᠪᠠᠭᠠᠢ 2000.00 ᠲᠦᠬᠦᠷᠢᠭ ᠠᠷᠠᠳ ᠤᠨ ᠵᠤᠭᠤᠰ ᠢᠶᠠᠷ ᠳᠤᠰᠠᠯᠠᠨ ᠳᠠᠮᠵᠢᠭᠰᠠᠨ ᠪᠠᠶᠢᠨ᠎ᠠ ᠃  ᠮᠦᠨ ᠴᠦ ᠳᠤᠰ ᠰᠤᠷᠭᠠᠭᠤᠯᠢ ᠶ᠋ᠢᠨ 《ᠵᠢᠪᠬᠤᠭᠠᠳᠤ ᠨᠠᠢᠮᠠᠨ》 ᠬᠡᠤᠭᠡᠳ ᠤᠨ ᠬᠠᠮᠳᠤ ᠶ᠋ᠢᠨ ᠳᠠᠭᠤᠤ ᠶ᠋ᠢᠨ ᠪᠦᠯᠬᠦᠮ ᠪᠠᠶᠢᠭᠤᠯᠤᠭᠳᠠᠬᠤ ᠶᠤᠰᠤᠯᠠᠯ ᠢ ᠬᠠᠮᠳᠤ  ᠳ᠋ᠦ ᠨᠢ  ᠶᠠᠪᠤᠭᠳᠠᠭᠤᠯᠵᠤ ᠂  ᠤᠷᠠᠯᠢᠭᠴᠢᠨ ᠬᠤᠷᠴᠢᠨᠬᠦᠤ ᠡᠴᠡ ᠬᠡᠤᠭᠡᠳ ᠤᠨ ᠬᠠᠮᠳᠤ ᠶ᠋ᠢᠨ ᠳᠠᠭᠤᠤ ᠶ᠋ᠢᠨ ᠪᠦᠯᠬᠦᠮ ᠲᠠᠢ ᠬᠠᠮᠳᠤ ᠳᠤᠭᠯᠠᠯᠳᠠ ᠭᠠᠷᠭᠠᠵᠦ  ᠂ ᠬᠦᠳᠡᠯᠭᠡᠭᠡᠨ ᠳ᠋ᠦ ᠤᠷᠤᠯᠴᠠᠭᠰᠠᠨ ᠡᠯ᠎ᠡ ᠪᠠᠶᠢᠭᠤᠯᠭ᠎ᠠ ᠶ᠋ᠢᠨ ᠬᠢᠨ ᠂ ᠰᠤᠷᠭᠠᠭᠤᠯᠢ ᠶ᠋ᠢᠨ ᠪᠠᠭᠰᠢ ᠠᠵᠢᠯᠳᠠᠳ ᠂ ᠤᠨᠴᠠᠭᠠᠶᠢᠯᠠᠨ ᠪᠢᠴᠢᠬᠠᠨ ᠰᠤᠷᠤᠭᠴᠢᠳ ᠲᠦ ᠦᠨᠳᠤᠰᠤᠳᠠᠨ ᠤ ᠰᠤᠶᠤᠯ ᠤᠷᠠᠯᠢᠭ ᠤᠨ  ᠰᠤᠳᠤᠨ ᠭᠠᠶᠢᠬᠠᠮᠰᠢᠭ ᠢ  ᠰᠤᠨᠢᠷᠬᠠᠭᠤᠯᠤᠯ᠎ᠠ ᠃ ᠠᠵᠢᠯ ᠤᠨ ᠠᠮᠠᠷᠠᠯᠳᠠ ᠪᠠᠨ ᠠᠪᠤᠭᠰᠠᠨ ᠴᠤ ᠠᠯᠵᠢᠶᠠᠯ ᠵᠦᠳᠡᠷᠡᠯ ᠢᠶ᠋ᠡᠨ ᠬᠠᠮᠢᠶᠠᠷᠤᠯ ᠦᠭᠡᠢ《 ᠠᠯᠪᠠᠨ ᠠᠵᠢᠯᠯᠠᠭ᠎ᠠ》— ᠳᠤᠰ ᠰᠤᠷᠭᠠᠭᠤᠯᠢ  ᠶ᠋ᠢᠨ ᠳᠦᠷᠪᠠᠨ ᠤᠳᠠᠰᠤᠳᠤ ᠬᠤᠭᠤᠷ ᠤᠨ ᠠᠩᠬᠢ ᠳ᠋ᠤ ᠨᠢᠭᠡᠨᠳᠠ 2 ᠵᠢᠯ ᠢᠯᠡᠬᠦᠤ ᠬᠢᠴᠢᠶᠠᠯᠯᠠᠭᠰᠡᠨ ᠪᠠᠯᠵᠢ ᠪᠠᠭᠰᠢ ᠰᠡᠳᠬᠢᠯ ᠳᠤᠭᠳᠤᠯᠬᠤ ᠳ᠋ᠤ ᠪᠠᠨ ᠨᠢᠯᠪᠤᠰᠤᠨ ᠳᠤᠰᠤᠯ ᠨᠢ ᠠᠷᠠᠢ ᠴᠤ ᠴᠤᠭ ᠳᠤᠳᠠᠭᠤᠳᠠᠵᠦ ᠪᠠᠶᠢᠭ᠎ᠠ  ᠬᠤᠤᠰ ᠮᠠᠯᠮᠠᠢ ᠶ᠋ᠢ ᠨᠢ ᠭᠡᠷᠡᠯᠳᠤᠬᠦᠯᠵᠦ ᠪᠠᠶᠢᠯ᠎ᠠ ᠃

       ᠭᠡᠳᠤᠶᠢᠪᠠᠷ ᠳᠤᠰ ᠤᠳᠠᠭᠠᠨ ᠤ ᠬᠠᠶᠢᠷᠠᠯᠠᠨ ᠬᠠᠯᠠᠮᠵᠢᠯᠠᠭᠰᠠᠨ ᠡᠳ᠋ ᠮᠦᠩᠬᠦ ᠤᠪᠤᠭ᠎ᠠ ᠤᠯᠠᠨ ᠪᠢᠰᠢ ᠴᠤ ᠂ ᠡᠷᠬᠦᠨ ᠬᠠᠨᠳᠢᠪᠯᠠᠭᠰᠠᠨ ᠰᠡᠳᠬᠢᠯ ᠬᠦᠨᠳᠤ ᠂ ᠦᠨᠳᠤᠰᠦᠳᠡᠨ ᠤ ᠰᠤᠶᠤᠯ ᠤᠨ ᠮᠠᠷᠭᠠᠰᠢ ᠮᠠᠨᠳᠤᠬᠤ ᠨᠠᠷᠠ ᠪᠠᠷ ᠬᠡᠶᠢᠷᠡᠬᠦ ᠶ᠋ᠢᠨ ᠪᠠᠯᠭᠡ ᠢᠷᠤᠬᠡᠯ ᠮᠦᠨ ᠃ (  ᠪᠤᠤ ᠵᠢᠨ ᠯᠢᠶᠠᠨ )


ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ