ᠠᠵᠢᠯᠯᠠᠬᠰᠠᠨ ᠤ ᠦᠷ᠎ᠡ ᠵᠢᠷᠭᠠᠯ ᠡᠳ᠋ᠯᠡᠨ᠎ᠡ ᠠᠯᠵᠠᠭᠤᠷᠠᠬᠰᠠᠨ ᠤ ᠳ᠋ᠦᠩ ᠵᠣᠪᠠᠯᠠᠩᠠᠮᠰᠠᠨ᠎ᠠ

ᠣᠩᠰᠢᠭᠰᠠᠨ ᠤᠳᠠᠭ᠎ᠠ ᠄ 5931     ᠨᠡᠶᠢᠳᠡᠯᠡᠭᠰᠡᠨ ᠴᠠᠭ ᠄ 2018/10/23 11:40:39

      ᠠᠯᠵᠠᠭᠤ ᠵᠠᠯᠬᠠᠭᠤ ᠪᠣᠯ ᠠᠵᠢᠯᠴᠢ ᠬᠥᠳᠡᠯᠮᠦᠷᠢᠴᠢ ᠶ᠋ᠢᠨ ᠡᠰᠡᠷᠭᠦ ᠤᠬᠠᠬᠳᠠᠬᠤᠨ ᠂ ᠮᠠᠨ ᠤ ᠠᠳᠠᠯ ᠠᠮᠢᠳᠤᠷᠠᠯ ᠤᠨ ᠳᠣᠮᠳᠠᠬᠢ ᠬᠠᠮᠤᠭ ᠶᠡᠬᠡ ᠳᠠᠶᠢᠰᠤᠨ ᠮᠦᠨ ᠃ ᠶᠡᠷᠦ ᠶ᠋ᠢᠨ ᠦᠭᠡᠨ ᠳ᠋ᠦ ︿ ︿ ᠬᠥᠳᠡᠯᠮᠦᠷᠢ ᠳᠡᠯᠡᠬᠡᠢ ᠶᠢᠷᠲᠢᠨᠴᠦ ᠶ᠋ᠢ ᠪᠦᠳᠦᠭᠡᠳᠡᠭ ﹀ ﹀ ᠭᠡᠵᠦ ᠪᠤᠢ ᠃ ᠡᠨᠡ ᠦᠭᠡ ᠨᠢ ︿ ︿ ᠬᠥᠳᠡᠯᠮᠦᠷᠢ ﹀ ﹀ ᠳ᠋ᠤ ᠣᠯᠭᠤᠬᠰᠠᠨ ᠵᠥᠪ ᠣᠨᠣᠪᠴᠢᠲᠠᠢ ᠣᠨᠤᠯ ᠤᠨ ᠨᠣᠲᠠᠯᠠᠯ ᠪᠣᠯᠵᠤ ᠲᠠᠭᠠᠷᠠᠨ᠎ᠠ ᠃ ᠲᠡᠦᠬᠡ ᠶ᠋ᠢ ᠠᠵᠢᠪᠠᠯ ᠂ ᠬᠦᠮᠦᠨ ᠲᠥᠷᠦᠯᠬᠢᠲᠡᠨ ᠦ ᠬᠥᠭᠵᠢᠨ ᠮᠠᠨᠳᠤᠬᠰᠠᠨ ᠱᠠᠳᠤ ᠪᠣᠯ ᠪᠦᠷ ᠬᠦᠳᠡᠯᠮᠦᠷᠢ ᠳ᠋ᠦ ᠲᠥᠰᠢᠭᠯᠡᠭᠰᠡᠨ ᠶᠤᠮ ᠃ ᠬᠦᠮᠦᠨ ᠰᠠᠷᠮᠠᠬᠴᠢᠨ ᠬᠡᠷᠪᠡ ᠬᠦᠳᠡᠯᠮᠦᠷᠢ ᠳ᠋ᠦ ᠣᠷᠤᠯᠴᠠᠬᠤ ᠦᠭᠡᠢ ᠠᠯᠵᠠᠭᠤ ᠵᠠᠯᠬᠠᠭᠤ ᠪᠠᠶᠢᠵᠤ ᠂ ᠣᠷᠴᠢᠨ ᠲᠣᠭᠤᠷᠢᠨ ᠳ᠋ᠠᠭᠠᠨ ᠲᠣᠬᠢᠷᠠᠯᠴᠠᠬᠰᠠᠨ ᠠᠵᠢᠯ ᠬᠦᠳᠡᠯᠮᠦᠷᠢ ᠶ᠋ᠢ ᠬᠢᠭᠰᠡᠨ ᠦᠭᠡᠢ ᠪᠣᠯ ᠬᠦᠮᠦᠨ ᠲᠥᠷᠦᠯᠬᠢᠲᠡᠨ ᠦ ᠨᠡᠶᠢᠭᠡᠮ ᠥᠨᠥᠳᠥᠷ ᠦᠨ ᠮᠠᠳᠦ ᠬᠦᠭᠵᠢᠯ ᠮᠠᠨᠳᠤᠯ ᠤᠨ ᠣᠨᠴᠠᠭᠠᠢ ᠱᠠᠳᠤᠨ ᠳ᠋ᠤ ᠣᠷᠤᠵᠤ ᠳᠡᠶᠢᠯᠬᠦ ᠦᠭᠡᠢ ᠮᠦᠷᠳᠡᠭᠡᠨ ᠬᠦᠮᠦᠨ ᠰᠠᠷᠮᠠᠬᠴᠢᠨ ᠴᠤ ᠬᠦᠮᠦᠨ ᠪᠣᠯᠵᠤ ᠬᠣᠪᠢᠷᠠᠬᠤ ᠳ᠋ᠤ ᠬᠦᠴᠢᠷᠲᠡᠢ ᠶᠤᠮ ᠃ ᠬᠦᠮᠦᠨ ᠰᠠᠷᠮᠠᠬᠴᠢᠨ ᠡᠴᠠ ᠬᠦᠮᠦᠨ ᠪᠣᠯᠵᠤ ᠬᠣᠪᠢᠷᠠᠨ ᠂ ᠬᠦᠮᠦᠨ ᠲᠥᠷᠦᠯᠬᠢᠲᠡᠨ ᠦ ᠨᠡᠶᠢᠭᠡᠮ ᠥᠨᠥᠳᠥᠷ ᠦᠨ ᠮᠡᠳᠥ ᠳᠡᠭᠡᠳᠦ ᠬᠤᠷᠳᠤᠴᠠ ᠪᠠᠷ ᠬᠥᠭᠵᠢᠵᠦ ᠪᠠᠶᠢᠬᠤ ᠨᠢ ᠳᠠᠷᠤᠢ ᠬᠦᠳᠡᠯᠮᠦᠷᠢ ᠶ᠋ᠢᠨ ᠠᠭᠣᠤ ᠶᠡᠬᠡ ᠭᠡᠳᠡᠭ ᠢ ᠦᠨᠡᠨ ᠪᠣᠳᠠᠲᠠᠢ ᠬᠠᠷᠠᠭᠤᠯᠵᠤ ᠪᠠᠶᠢᠭ᠎ᠠ ᠶᠤᠮ ᠃
      ᠮᠤᠩᠭᠤᠯᠴᠣᠤᠨ ᠶᠡᠷᠦᠨᠢ ᠠᠵᠢᠯᠴᠢ ᠬᠥᠳᠡᠯᠮᠦᠷᠢᠴᠢ ᠦᠨᠳᠦᠰᠦᠲᠡᠨ ᠪᠠᠶᠢᠵᠤ ᠠᠯᠵᠠᠭᠤ ᠵᠠᠯᠬᠠᠭᠤ ᠶ᠋ᠢ ᠲᠤᠶᠢᠯ ᠢᠶᠠᠷ ᠵᠢᠭᠰᠢᠨ ᠡᠰᠡᠷᠭᠦᠴᠡᠳᠡᠭ ᠃ ᠡᠶᠢᠨᠬᠦ ᠂ ᠬᠦᠷᠭᠡᠨ ᠰᠤᠩᠭᠤᠵᠤ ᠪᠡᠷᠢ ᠠᠪᠬᠤ ᠳ᠋ᠠᠭᠠᠨ ᠴᠤ ︿ ︿ ᠠᠵᠢᠯ ᠲᠠᠢ ᠭᠡᠷ ‍ᠦᠦ ︖ ﹀ ﹀ ᠭᠡᠵᠦ ᠤᠷᠢᠳᠠᠪᠠᠷ ᠠᠮᠠ ᠨᠡᠭᠡᠭᠡᠨ ᠠᠰᠠᠭᠤᠨ ᠠᠮᠵᠢᠵᠤ ᠤᠳᠤᠮ ᠤᠬᠰᠠᠭ᠎ᠠ ᠶ᠋ᠢ ᠨᠢ ᠰᠤᠷᠠᠬᠯᠠᠳᠠᠭ ᠃ ᠨᠡᠶᠢᠭᠡᠮ ᠳᠡᠭᠡᠷ᠎ᠡ ᠮᠤᠩᠭᠤᠯᠴᠣᠤᠨ ᠤᠨ ᠳᠣᠮᠳᠠ ︿ ︿ ᠠᠵᠢᠯᠯᠠᠪᠠᠯ ᠠᠯᠲᠠ ᠣᠯᠤᠨ᠎ᠠ ᠂ ᠠᠯᠵᠠᠭᠤᠷᠠᠪᠠᠯ ᠶᠠᠰᠤ ᠬᠡᠮᠡᠯᠢᠨ᠎ᠡ ﹀ ﹀ ᠂ ︿ ︿ ᠢᠳᠡᠬᠦ ᠳ᠋ᠡᠬᠡᠨ ᠢᠳᠡᠷ ᠂ ᠶᠠᠪᠤᠬᠤ ᠳ᠋ᠠᠭᠠᠨ ᠶᠠᠳᠠᠷ ﹀ ﹀ ᠂ ︿ ︿ ᠢᠳᠡᠬᠦ  ᠨᠢ ᠡᠷ᠎ᠡ ᠪᠣᠭᠤᠮ᠎ᠠ ᠂ ᠶᠠᠪᠤᠬᠤ ᠨᠢ ᠶᠠᠷ᠎ᠠ ᠪᠣᠭᠤᠮ᠎ᠠ ﹀ ﹀ ᠂  ︿ ︿ ᠠᠵᠢᠯᠯᠠᠬᠰᠠᠨ ᠤ ᠦᠷ᠎ᠡ ᠵᠢᠷᠭᠠᠯ ᠡᠳ᠋ᠯᠡᠨ᠎ᠡ ᠂ ᠠᠯᠵᠠᠭᠤᠷᠠᠬᠰᠠᠨ ᠤ ᠳ᠋ᠦᠩ  ᠵᠣᠪᠠᠯᠠᠩ ᠠᠮᠰᠠᠨ᠎ᠠ ﹀ ﹀ ᠂ ︿ ︿  ᠠᠵᠢᠯ ᠳ᠋ᠤ ᠵᠠᠭᠤᠮᠠᠭᠠᠢ ᠰᠠᠶᠢᠨ ᠂ ᠠᠶᠤᠯ ᠳ᠋ᠤ ᠰᠢᠢᠦᠨᠮᠡᠭᠡᠢ ᠰᠠᠶᠢᠨ ﹀ ﹀ ᠂ ︿ ︿ ᠠᠯᠵᠠᠭᠤ ᠬᠦᠮᠦᠨ ᠦ ᠨᠣᠶᠢᠷ ᠶᠡᠬᠡ ᠂ ᠠᠣᠨᠬᠠᠭ ᠬᠦᠮᠦᠨ ᠦ ᠠᠭᠤᠷ ᠶᠡᠬᠡ ﹀ ﹀ ᠂ ︿ ︿ ᠠᠯᠵᠠᠭᠤ ᠬᠦᠮᠦᠨ ᠳ᠋ᠦ ᠴᠠᠭ ᠤᠷᠳᠤ ᠂ ᠠᠵᠢᠯᠴᠢ ᠬᠦᠮᠦᠨ ᠳ᠋ᠦ ᠰᠠᠷ᠎ᠠ      ᠣᠬᠣᠷ ﹀ ﹀ ᠭᠡᠬᠦ ᠮᠡᠳᠥ ᠶ᠋ᠢᠨ ᠠᠵᠢᠯᠴᠢ ᠬᠦᠳᠡᠯᠮᠦᠷᠢᠴᠢ ᠶ᠋ᠢ ᠡᠷᠬᠢᠮᠯᠡᠨ ᠠᠯᠵᠠᠭᠤ ᠵᠠᠯᠬᠠᠭᠤ ᠶ᠋ᠢ ᠰᠢᠭᠦᠮᠵᠢᠯᠡᠨ ᠰᠤᠷᠭᠠᠬᠰᠠᠨ ᠵᠦᠢᠷ ᠰᠡᠴᠡᠨ ᠦᠭᠡ ᠠᠯᠢ ᠣᠯᠠᠨ ᠪᠠᠶᠢᠳᠠᠭ ᠃
      ᠣᠳᠣᠬᠠᠨ ᠳ᠋ᠤ ᠂ ᠨᠡᠶᠢᠭᠡᠮ ᠳᠡᠭᠡᠷ᠎ᠡ  ᠨᠡᠬᠡᠷᠡᠨ ︿ ︿ ᠪᠡᠯᠡᠨ ᠢ ᠢᠳᠡᠬᠦ ﹀ ﹀ ᠪᠣᠳᠤᠯᠭ᠎ᠠ ᠲᠠᠢ ᠨᠢᠭᠡᠨ ᠪᠦᠯᠦᠭ ᠠᠯᠵᠠᠭᠤ ᠵᠠᠯᠬᠠᠭᠤ  ᠵᠠᠯᠠᠭᠤᠴᠤᠳ ᠪᠤᠢ ᠃ ᠲᠡᠳᠡᠨᠦᠰ ︿ ︿ ᠲᠠᠩᠭᠠᠶᠢᠵᠤ ᠬᠡᠪᠲᠡᠭᠡᠳ ᠠᠩᠭᠠᠶᠢᠵᠤ ᠢᠳᠡᠬᠦ ﹀ ﹀ ᠶ᠋ᠢ ᠰᠠᠨᠠᠵᠤ ᠶᠠᠳᠠᠭᠤ ᠶ᠋ᠢ ᠳᠡᠦᠨᠬᠦᠬᠦ ᠳ᠋ᠦ ᠲᠥᠰᠢᠭᠯᠡᠨ ᠶᠠᠭᠠᠷᠠᠬᠤ ᠶ᠋ᠢ ᠮᠡᠳᠡᠬᠦ ᠦᠭᠡᠢ ᠶᠠᠳᠠᠷᠠᠬᠤ ᠶ᠋ᠢ ᠰᠠᠨᠠᠬᠤ ᠦᠭᠡᠢ ᠮᠦᠷᠳᠡᠭᠡᠨ ᠨᠠᠷᠭᠢᠶᠠᠨ ᠳᠥᠷᠭᠢᠶᠡᠨ ᠦ ᠳᠤᠮᠳᠠ ᠨᠠᠭᠠᠳᠤᠮ ᠮᠥᠷᠦᠢ ᠬᠥᠬᠡᠬᠡᠵᠦ ᠶᠠᠪᠤᠳᠠᠭ ᠃ ᠬᠡᠵᠢᠶ᠎ᠡ ᠴᠤ ᠭᠡᠰᠡᠨ ᠬᠤᠪᠢᠨ ᠤ ᠠᠮᠢᠳᠤᠷᠠᠯ ᠢᠶᠡᠨ ᠥᠪᠡᠷ ᠦᠨ ᠬᠥᠳᠡᠯᠮᠦᠷᠢ ᠪᠡᠷ ᠢᠶ᠋ᠡᠨ ᠴᠣᠬᠴᠠᠯᠠᠬᠤ ᠶᠣᠰᠤᠲᠠᠢ ᠪᠠᠶᠢᠳᠠᠭ ᠃ ᠬᠤᠪᠢ ᠪᠠᠷ ᠢᠶᠡᠨ ᠠᠯᠵᠠᠭᠤᠷᠠᠨ ᠬᠣᠶᠢᠷᠭᠤᠰᠢᠵᠤ ᠬᠥᠳᠡᠯᠮᠦᠷᠢᠯᠡᠬᠦ ᠦᠭᠡᠢ  ᠪᠠᠷ ᠳᠠᠩᠳᠠ ᠪᠣᠰᠣᠤᠨ  ᠤᠨ ᠳᠡᠮᠵᠢᠯᠭᠡ  ᠶ᠋ᠢ ᠬᠦᠰᠡᠭᠴᠢᠳ ᠬᠡᠵᠢᠶᠡᠳᠡ ᠪᠠᠶᠠᠨ ᠡᠷᠬᠢᠮ ᠠᠮᠢᠳᠤᠷᠠᠯ ᠢ ᠡᠳ᠋ᠯᠡᠵᠦ ᠴᠢᠳᠠᠬᠤ ᠦᠭᠡᠢ ᠶᠤᠮ ᠃
      ᠡᠶᠢᠮᠦ ᠡᠴᠡ ᠪᠢᠳᠠ ︿ ︿ ᠣᠷᠤᠶᠢᠲᠠᠪᠠᠯ ᠡᠷᠲᠡᠯᠡᠬᠦ ᠳ᠋ᠦ ᠪᠡᠷᠬᠡ ᠂ ᠳᠣᠷᠤᠶᠢᠲᠠᠪᠠᠯ ᠳᠡᠭᠵᠢᠷᠡᠬᠦ ᠳ᠋ᠦ ᠪᠡᠷᠬᠡ ﹀ ﹀ ᠭᠡᠳᠡᠭ ᠵᠦᠢᠷ ᠰᠡᠴᠡᠨ ᠦᠭᠡᠨ ᠦ ᠣᠤᠨᠬ᠎ᠠ ᠰᠠᠨᠠᠭ᠎ᠠ ᠶ᠋ᠢ ᠳᠣᠳᠤᠷᠬᠠᠢ ᠤᠶᠢᠯᠠᠭᠠᠨ ᠂ ᠠᠯᠵᠠᠭᠤ ᠵᠠᠯᠬᠠᠭᠤ ᠬᠣᠶᠢᠷᠭᠤ ᠵᠠᠩ ᠢᠶᠡᠨ ᠡᠷᠡᠰ ᠳᠡᠪᠴᠢᠨ ᠠᠵᠢᠯᠴᠢ ᠬᠥᠳᠡᠯᠮᠦᠷᠢᠴᠢ ᠳ᠋ᠦ ᠲᠥᠰᠢᠭᠯᠡᠨ  ᠣᠮᠣᠭ ᠵᠣᠷᠢᠭ ᠲᠡᠭᠦᠯᠳᠡᠷ ᠠᠵᠢᠯᠯᠠᠵᠤ ᠂ ᠡᠷᠲᠡ ᠡᠳᠥᠷ ᠪᠠᠶᠠᠵᠢᠯ ᠤᠨ ᠵᠠᠮ ᠡᠯᠭᠦᠨ  ᠂ ᠶᠠᠳᠠᠭᠤ ᠡᠴᠠ ᠠᠩᠭᠢᠵᠢᠷᠠᠭᠤᠯᠬᠤ ᠰᠢᠪᠳᠤᠯᠤᠯᠲᠠ ᠶ᠋ᠢᠨ ᠳᠠᠶᠢᠯᠠᠯᠳᠤᠭᠠᠨ ᠳ᠋ᠤ ᠡᠩᠨᠡᠭᠡᠨ ᠡᠴᠡ ᠪᠡᠨ ᠪᠣᠤ ᠯᠠ ᠬᠣᠴᠤᠷᠤᠶ᠎ᠠ ︕

                                                       ᠯᠢ ᠪᠤᠶᠠᠨᠴᠤᠬᠯᠠ
ᠢᠷᠡᠯᠳᠡ᠄ ᠨᠠᠶᠢᠷᠠᠭᠤᠯᠤᠭᠴᠢ᠄ ᠳᠤᠯᠠᠭᠠᠨ