︿ ︿ ᠡᠴᠢᠭᠡ ᠬᠦᠮᠦᠨ ᠦ ᠲᠠᠪᠤᠨ ᠡᠷᠲᠡᠮ ᠡᠬᠡ ᠬᠦᠮᠦᠨ ᠤ ᠶᠢᠰᠦᠨ ᠡᠷᠲᠡᠮ ﹀ ﹀  ᠢ ᠰᠡᠷᠡᠨ ᠮᠡᠳᠡᠵᠦ ᠰᠡᠦᠨᠬᠢᠯᠴᠢᠯᠡᠨ ᠰᠠᠬᠢᠵᠤ ᠰᠠᠶᠢᠳᠤᠷ ᠵᠢᠷᠤᠮᠯᠠᠵᠤ ᠶᠠᠪᠤᠶ᠎ᠠ

ᠣᠩᠰᠢᠭᠰᠠᠨ ᠤᠳᠠᠭ᠎ᠠ ᠄ 6003     ᠨᠡᠶᠢᠳᠡᠯᠡᠭᠰᠡᠨ ᠴᠠᠭ ᠄ 2018/10/23 11:23:15

      ︿ ︿ ᠨᠡᠭᠦᠳᠡᠯ ᠦᠨ ᠪᠣᠯᠣᠷ ᠮᠡᠯᠮᠡᠢ ﹀ ﹀ ᠬᠡᠮᠡᠬᠦ ᠨᠣᠮ ᠳ᠋ᠤ ︿ ︿   ︿ ᠠᠭᠤᠵᠢᠮ ᠤᠬᠠᠭᠠᠨ ᠂ ᠬᠠᠳᠠᠨ ᠵᠣᠷᠢᠭ ᠂  ᠪᠠᠳᠦ ᠵᠢᠷᠤᠮ ᠂ ᠡᠷᠦᠬᠡ ᠭᠡᠷ ᠦᠨ ᠲᠥᠰᠢᠭ ᠂ ᠦᠷ᠎ᠡ ᠬᠡᠦᠬᠡᠳ ᠦᠨ ᠰᠦᠷ ᠰᠦᠯᠲᠡ ﹀ ᠶ᠋ᠢ ᠡᠴᠢᠭᠡ ᠬᠦᠮᠦᠨ ᠦ ᠲᠠᠪᠤᠨ ᠡᠷᠲᠡᠮ ᠭᠡᠵᠦ ᠂ ︿  ᠥᠩᠭᠡᠨ ᠳ᠋ᠦ ᠴᠡᠪᠡᠷ ᠂ ᠤᠶᠢᠯᠡ ᠳ᠋ᠤ ᠤᠷᠠᠨ ᠂ ᠦᠷ᠎ᠡ ᠳ᠋ᠡᠬᠡᠨ ᠡᠨᠡᠷᠢᠯᠲᠡᠢ ᠂ ᠥᠷᠭᠦᠯᠵᠢ ᠴᠡᠮᠴᠡᠭᠡᠷ ᠂ ᠬᠠᠨᠢ ᠳ᠋ᠠᠭᠠᠨ ᠲᠥᠰᠢᠭ ᠲᠠᠢ ᠂ ᠬᠠᠳᠠᠮ ᠳ᠋ᠠᠭᠠᠨ ᠡᠭᠡᠯᠢᠲᠡᠢ ᠂ ᠨᠠᠶᠢᠷ ᠲᠤ ᠳᠠᠭᠣᠤ ᠲᠠᠢ ᠂ ᠨᠠᠰᠤᠲᠠᠨ ᠳ᠋ᠤ ᠢᠷᠦᠭᠡᠯ ᠲᠠᠢ ᠂ ᠨᠠᠷᠠᠲᠠᠨ ᠳ᠋ᠤ ᠪᠤᠶᠠᠨ ᠲᠠᠢ ﹀ ᠶ᠋ᠢ ᠡᠬᠡ ᠬᠦᠮᠦᠨ ᠦ ᠶᠢᠰᠦᠨ ᠡᠷᠲᠡᠮ ᠭᠡᠳᠡᠭ  ﹀ ﹀ ᠭᠡᠵᠦ ᠲᠡᠮᠳᠡᠭᠯᠡᠭᠳᠡᠨ ᠤᠩᠰᠢᠬᠳᠠᠵᠤ ᠪᠠᠶᠢᠨ᠎ᠠ ᠃ ᠡᠨᠡ ᠪᠣᠯ ᠮᠠᠨ ᠤ ᠮᠤᠩᠭᠤᠯᠴᠣᠤᠨ ᠤᠨ ᠠᠯᠢ ᠡᠷᠲᠡᠨ ᠡᠴᠡ ᠰᠠᠬᠢᠨ ᠵᠢᠷᠤᠮᠯᠠᠨ ᠭᠦᠢᠴᠡᠦᠨᠬᠡᠵᠦ ᠢᠷᠡᠭᠰᠡᠨ ᠶᠣᠰᠣ ᠰᠠᠬᠢᠯᠭ᠎ᠠ ᠪᠠᠶᠢᠭ᠎ᠠ ᠶᠤᠮ ᠃ ᠨᠢᠮᠪᠠᠢ ᠰᠠᠶᠢᠳᠤᠷ ᠪᠣᠳᠤᠬᠤᠶ᠎ᠠ ᠡᠨᠡ ᠨᠢ ᠡᠳᠦᠭᠡ ᠶ᠋ᠢᠨ ︿ ︿ ᠨᠡᠶᠢᠭᠡᠮ ᠵᠢᠷᠤᠮ ᠤᠨ ᠭᠣᠤᠯᠯᠠᠬᠴᠢ ᠥᠷᠲᠡᠭ ᠦᠨ ᠦᠵᠡᠯᠲᠡ ﹀ ﹀ ᠶ᠋ᠢᠨ ᠠᠭᠤᠯᠭ᠎ᠠ ᠯᠤᠭ᠎ᠠ  ᠬᠡᠯᠡ ᠬᠡᠯᠡᠯᠭᠡ ᠢᠵᠢᠯ ᠪᠣᠰᠤ ᠴᠤ ᠤᠣᠨᠬ᠎ᠠ ᠰᠠᠨᠠᠭ᠎ᠠ ᠠᠳᠠᠯᠢᠪᠳᠤᠷ ᠣᠶᠢᠷᠠᠯᠴᠠᠭ᠎ᠠ  ᠪᠠᠶᠢᠵᠤ ᠂ ᠪᠣᠯᠪᠠᠰᠤᠨ ᠮᠤᠷᠠᠯ ᠪᠣᠯᠪᠠᠷᠠᠢ ᠵᠠᠩ ᠪᠣᠯᠪᠠᠰᠤᠷᠠᠯ ᠬᠦᠮᠦᠵᠢᠯ ᠢ ᠴᠢᠬᠤᠯᠠᠴᠢᠯᠠᠨ ᠱᠠᠭᠠᠷᠳᠠᠵᠤ ᠂ ᠪᠤᠢ ᠪᠦᠬᠦᠢ ᠬᠦᠮᠦᠰ ᠢ ᠰᠠᠶᠢᠨ ᠰᠠᠶᠢᠬᠠᠨ ᠤ ᠵᠦᠭ ᠳᠠᠭᠤᠳᠠᠨ ᠤᠷᠢᠶᠠᠯᠠᠵᠤ ᠵᠢᠯᠤᠭᠤᠳᠤᠨ ᠬᠥᠳᠦᠯᠦᠭᠰᠡᠨ ᠪᠠᠶᠢᠳᠠᠭ ᠃
       ︿ ︿ ᠠᠭᠤᠵᠢᠮ ᠤᠬᠠᠭᠠᠨ ﹀ ﹀ ᠪᠣᠯ ᠡᠴᠢᠭᠡ ᠪᠣᠯᠤᠬᠰᠠᠨ ᠡᠷ᠎ᠡ ᠬᠦᠮᠦᠨ ᠦ ᠠᠵᠢᠯ ᠠᠯᠪᠠ ᠠᠳᠠᠯ ᠪᠦᠯᠢ ᠪᠡᠨ ᠡᠷᠭᠦᠵᠦ ᠶᠠᠪᠤᠬᠤ ᠤᠷᠢᠳᠠᠯ ᠨᠦᠭᠦᠴᠡᠯ ᠦᠨᠳᠦᠰᠦ ᠰᠠᠭᠤᠷᠢ ᠪᠣᠯᠬᠤ ᠶᠤᠮ ᠃ ︿ ︿ ᠡᠷ᠎ᠡ ᠬᠦᠮᠦᠨ ᠦ ᠴᠡᠭᠡᠵᠢᠨ ᠳ᠋ᠦ ᠡᠮᠡᠭᠡᠯ ᠬᠠᠵᠠᠭᠠᠷ ᠲᠠᠢ ᠮᠣᠷᠢ ᠡᠷᠭᠢᠯᠳᠦᠨ᠎ᠡ ﹀ ﹀ ᠭᠡᠳᠡᠭ ᠪᠣᠯ ᠳᠠᠷᠤᠢ ᠡᠴᠢᠭᠡ ᠰᠠᠭᠤᠬᠰᠠᠨ ᠡᠷ᠎ᠡ ᠬᠦᠮᠦᠨ ᠠᠭᠤᠵᠢᠮ ᠤᠬᠠᠭᠠᠨ ᠲᠠᠢ ᠪᠠᠶᠢᠵᠤ ᠠᠭᠤᠷ ᠣᠮᠣᠭ ᠢᠶᠡᠨ ᠳᠠᠷᠤᠵᠤ ᠶᠠᠪᠤ᠋ ᠭᠡᠰᠡᠨ ᠢᠣᠨᠬᠠᠯ ᠤᠨ ᠰᠢᠨᠵᠢᠳᠦ ᠰᠤᠷᠭᠠᠯ ᠦᠭᠡ ᠪᠣᠯᠬᠤ ᠶᠤᠮ ᠃ ᠠᠯᠢ ᠡᠷᠲᠡᠨ ᠡᠴᠡ ᠡᠴᠢᠭᠡ ᠬᠦᠮᠦᠨ  ᠡᠷᠦᠬᠡ ᠭᠡᠷ ᠦᠨ ᠲᠥᠰᠢᠭ ᠲᠤᠯᠭᠠᠭᠤᠷᠢ ᠪᠣᠯᠵᠤ ᠶᠠᠪᠤᠳᠠᠭ ᠤᠴᠢᠷ ᠡᠴᠠ ︿ ︿ ᠡᠷ᠎ᠡ ᠬᠦᠮᠦᠨ ᠰᠢᠭ ᠡᠷᠪᠡᠯᠵᠡ ᠠᠳᠠᠨ ᠲᠡᠮᠡᠭᠡ ᠰᠢᠭ ᠰᠡᠷᠪᠡᠯᠵᠡ ﹀ ﹀ ᠭᠡᠰᠡᠨ ᠰᠤᠷᠭᠠᠯ ᠵᠦᠢᠷ ᠦᠭᠡ ᠪᠤᠢ ᠪᠣᠯᠤᠬᠰᠠᠨ ᠪᠢᠰᠢ ‍ᠦᠦ ︖ ︿ ︿ ᠦᠷ᠎ᠡ ᠬᠡᠦᠬᠡᠳ ᠦᠨ ᠰᠦᠷ ᠰᠦᠯᠲᠡ ﹀ ﹀ ᠭᠡᠳᠡᠭ ᠨᠢ ᠦᠷ᠎ᠡ ᠬᠡᠦᠬᠡᠳ ᠲᠡᠬᠡᠨ ᠬᠡᠪ ᠳᠠᠭᠤᠷᠢᠶᠠᠯ ᠪᠣᠯᠵᠤ ᠰᠠᠶᠢᠨ ᠰᠠᠶᠢᠬᠠᠨ ᠶᠠᠪᠤ᠋ ᠭᠡᠰᠡᠨ ᠬᠠᠲᠠᠭᠤ ᠱᠠᠭᠠᠷᠳᠠᠯᠭ᠎ᠠ ᠪᠣᠯᠬᠤ ᠮᠦᠷᠳᠡᠭᠡᠨ ᠡᠴᠢᠭᠡ ᠡᠬᠡ ᠪᠣᠯᠤᠬᠰᠠᠤᠨ ᠨᠡᠷ᠎ᠡ ᠲᠥᠷᠥ ᠲᠠᠢ ᠰᠠᠶᠢᠨ ᠰᠠᠶᠢᠬᠠᠨ ᠶᠠᠪᠤᠪᠠᠰᠤ ᠦᠷ᠎ᠡ ᠬᠡᠦᠬᠡᠳ ᠦᠨ ᠣᠮᠤᠬᠰᠢᠯ ᠪᠣᠯᠵᠤ ᠤᠷᠤᠬᠰᠢ ᠵᠠᠮ ᠨᠢ ᠭᠡᠭᠡᠨ ᠰᠠᠷᠠᠭᠤᠯ ᠪᠣᠯᠬᠤ ᠨᠢ ᠲᠡᠷᠡ  ᠪᠠᠶᠢᠭ᠎ᠠ ᠃ ᠡᠨᠲᠡ ᠲᠡᠷᠡ ᠪᠦᠬᠦᠨ ᠢ  ᠴᠢᠨᠠᠬᠰᠢᠳᠠ ᠳᠣᠳᠤᠷᠠᠭᠤᠯᠤᠨ  ᠶᠠᠷᠢᠬᠤ ᠪᠠᠨ ᠪᠣᠯᠢᠶ᠎ᠠ ᠃ ᠃
      ᠡᠴᠢᠭᠡ ᠡᠬᠡ ᠪᠣᠯᠤᠬᠴᠢ ᠪᠢᠳᠠ ᠪᠦᠬᠦᠨ ︿ ︿ ᠡᠴᠢᠭᠡ ᠬᠦᠮᠦᠨ ᠦ ᠲᠠᠪᠤᠨ ᠡᠷᠲᠡᠮ ᠡᠬᠡ ᠬᠦᠮᠦᠨ ᠦ ᠶᠢᠰᠦᠨ ᠡᠷᠲᠡᠮ ﹀ ﹀  ᠢ ᠰᠡᠷᠡᠨ ᠮᠡᠳᠡᠷᠡᠵᠦ ᠰᠡᠦᠨᠬᠢᠯᠴᠢᠯᠡᠨ ᠰᠠᠬᠢᠵᠤ ᠰᠠᠶᠢᠳᠤᠷ ᠵᠢᠷᠤᠮᠯᠠᠨ ᠰᠢᠨ᠎ᠡ ᠴᠠᠭ ᠦᠶ᠎ᠡ ᠶ᠋ᠢᠨ ᠰᠠᠶᠢᠨ ᠰᠠᠶᠢᠬᠠᠨ ᠢ ᠵᠣᠯ ᠲᠠᠢ ᠡᠳ᠋ᠯᠡᠨ ᠵᠢᠷᠭᠠᠯ ᠲᠠᠢ ᠠᠮᠢᠳᠤᠷᠠᠵᠤ ᠶᠠᠪᠤᠶ᠎ᠠ  ᠂ ᠪᠢᠳᠡᠭᠡᠢ ᠵᠢᠷᠭᠠᠯ ᠢᠶᠡᠨ ᠮᠡᠳᠡᠷᠡᠬᠦ ᠦᠭᠡᠢ ᠪᠤᠶᠠᠨ ᠢᠶᠡᠨ ᠡᠳ᠋ᠯᠡᠬᠦ ᠦᠭᠡᠢ ᠥᠪᠡᠷ ᠪᠡᠶ᠎ᠡ ᠪᠡᠨ ᠥᠪᠡᠰᠦᠪᠡᠨ  ᠵᠣᠪᠠᠭᠠᠵᠤ ᠰᠠᠭᠤᠶ᠎ᠠ ︕

                                                         ᠯᠢ ᠪᠤᠶᠠᠨᠴᠤᠬᠯᠠ
ᠢᠷᠡᠯᠳᠡ᠄ ᠨᠠᠶᠢᠷᠠᠭᠤᠯᠤᠭᠴᠢ᠄ ᠳᠤᠯᠠᠭᠠᠨ