ᠣᠬᠣᠷᠬᠠᠨ ᠬᠣᠭᠣᠴᠠᠭᠠᠨ ᠳ᠋ᠤ ᠠᠮᠵᠢᠯᠲᠠ ᠲᠠᠢ ᠠᠵᠢᠯᠯᠠᠬᠰᠠᠨ ᠨᠢᠭᠡᠳᠦᠭᠡᠷ ᠱᠦᠵᠢ- ᠽᠣᠤ ᠹᠸᠢ

ᠣᠩᠰᠢᠭᠰᠠᠨ ᠤᠳᠠᠭ᠎ᠠ ᠄ 7055     ᠨᠡᠶᠢᠳᠡᠯᠡᠭᠰᠡᠨ ᠴᠠᠭ ᠄ 2018/10/22 10:46:25

      ᠽᠣᠤ ᠹᠸᠢ ᠪᠣᠯ ᠨᠠᠢᠮᠠᠨ ᠬᠤᠰᠢᠭᠤᠨ ᠤ ᠡᠳ᠋ ᠦᠨ ᠵᠠᠰᠠᠭ ᠤᠨ ᠳᠣᠪᠴᠢᠶᠠᠨ ᠤ ᠰᠤᠷᠭᠠᠨ ᠬᠦᠮᠦᠵᠢᠯ ᠦᠨ ᠳᠠᠰᠤᠭ ᠤᠨ ᠳᠠᠷᠤᠭ᠎ᠠ ᠂ ᠨᠠᠢᠮᠠᠨ ᠬᠤᠰᠢᠭᠤᠨ ᠤ ᠮᠢᠩᠷᠸᠨ ᠰᠤᠮᠤ ᠶ᠋ᠢᠨ ᠹᠸᠩ ᠱᠸᠩ ᠲᠣᠰᠬᠤᠨ ᠳ᠋ᠤ ᠰᠠᠭᠤᠭ᠎ᠠ ᠨᠢᠭᠡᠳᠦᠭᠡᠷ ᠱᠦᠵᠢ ᠃ ᠲᠡᠷᠡ ᠪᠡᠷ ᠲᠤᠰᠢᠶᠠᠯ ᠬᠠᠷᠢᠭᠤᠴᠠᠨ ᠲᠣᠰᠬᠤᠨ ᠳ᠋ᠤ ᠣᠷᠤᠬᠰᠠᠨ ᠡᠴᠠ ᠨᠠᠰᠢ ᠣᠬᠤᠷᠬᠠᠨ ᠠᠷᠪᠠᠭᠠᠳ ᠰᠠᠷ᠎ᠠ ᠶ᠋ᠢᠨ ᠲᠣᠷᠰᠢ ᠪᠦᠬᠦ ᠰᠡᠦᠨᠬᠢᠯ ᠪᠦᠬᠦ ᠵᠣᠷᠢᠭ ᠢᠶᠠᠷ ᠢᠶᠡᠨ ᠶᠠᠳᠠᠭᠤ ᠶ᠋ᠢ ᠳᠡᠦᠨᠬᠦᠬᠦ ᠠᠵᠢᠯ ᠳ᠋ᠤ ᠵᠢᠦᠨᠬᠦᠵᠦ ᠲᠣᠰᠬᠤᠨ ᠤ ᠠᠷᠠᠳ ᠤᠨ ᠰᠠᠶᠢᠨ ᠥᠨᠡᠮᠯᠡᠯ ᠢ ᠣᠯᠵᠠᠢ ᠃
      ᠹᠸᠩ ᠱᠸᠩ ᠲᠣᠰᠬᠤᠨ 215 ᠡᠷᠦᠬᠡ 720 ᠬᠦᠮᠦᠨ ᠠᠮᠠ ᠲᠠᠢ ᠃ ᠡᠭᠦᠨ ᠳ᠋ᠦ ᠳᠣᠤᠷ᠎ᠠ ᠪᠠᠳᠤᠯᠠᠭᠠᠳᠤ ᠡᠷᠦᠬᠡ 37 ᠂ ᠲᠠᠪᠤᠨ ᠪᠠᠳᠤᠯᠠᠭᠠᠳᠤ ᠡᠷᠦᠬᠡ 8 ᠪᠠᠶᠢᠵᠤ ᠂ ᠳᠠᠩᠰᠠ ᠺᠠᠷᠲ ᠲᠠᠢ ᠶᠠᠳᠠᠭᠤ ᠡᠷᠦᠬᠡ 21 ᠪᠤᠢ ᠃ ᠽᠣᠤ ᠹᠸᠢ ᠱᠦᠵᠢ ᠲᠤᠰᠢᠶᠠᠯ ᠬᠠᠷᠢᠭᠤᠴᠠᠨ ᠲᠣᠰᠬᠤᠨ ᠳ᠋ᠤ ᠢᠷᠡᠭᠰᠡᠨ ᠦ ᠰᠡᠭᠦᠯᠡᠷ ᠲᠣᠰᠬᠤᠨ ᠤ ᠡᠷᠦᠬᠡ ᠪᠦᠬᠦᠨ ᠢ ᠨᠡᠶᠢᠳᠡᠮ ᠳ᠋ᠦ᠋ᠨᠢ 3 ᠤᠳᠠᠭ᠎ᠠ ᠲᠣᠭᠤᠷᠢᠨ ᠪᠠᠶᠢᠳᠠᠯ ᠢ ᠤᠶᠢᠯᠠᠭᠠᠨ ᠂ ᠳᠣᠤᠷ᠎ᠠ ᠪᠠᠳᠤᠯᠠᠭᠠᠳᠤ ᠲᠠᠪᠤᠨ ᠪᠠᠳᠤᠯᠠᠭᠠᠳᠤ ᠡᠷᠦᠬᠡ ᠶ᠋ᠢ 5 ᠤᠳᠠᠭ᠎ᠠ ᠰᠣᠷᠪᠤᠯᠵᠢᠯᠠᠵᠤ ᠶᠠᠳᠠᠭᠤ ᠡᠷᠦᠬᠡ ᠶ᠋ᠢ ᠭᠠᠷᠠᠭ ᠪᠦᠷᠢ ᠨᠢᠭᠡ ᠡᠴᠡ ᠳᠡᠭᠡᠭᠰᠢ ᠤᠳᠠᠭ᠎ᠠ ᠰᠣᠷᠪᠤᠯᠵᠢᠯᠠᠨ ᠪᠠᠶᠢᠳᠠᠯ ᠢ ᠤᠶᠢᠯᠠᠭᠠᠨ ᠪᠣᠳᠠᠲᠠᠢ ᠵᠢᠯᠤᠭᠣᠤᠨᠬᠤ ᠶ᠋ᠢ ᠪᠠᠷᠢᠮᠲᠠᠯᠠᠨ ᠂ ᠣᠯᠠᠨ ᠲᠦᠮᠡᠨ ᠲᠠᠢ ᠬᠠᠮᠳᠤ ᠶᠠᠷᠢᠯᠴᠠᠨ ᠬᠠᠮᠳᠤ ᠠᠵᠢᠯᠯᠠᠵᠤ ᠂ ᠣᠯᠠᠨ ᠲᠦᠮᠡᠨ ᠦ ᠰᠡᠦᠨᠬᠢᠯ ᠦᠨ ᠬᠠᠨᠳᠤᠰᠢ ᠶ᠋ᠢ ᠤᠶᠢᠯᠠᠭᠠᠨ ᠣᠯᠠᠨ ᠲᠦᠮᠡᠨ ᠢ ᠬᠠᠪᠰᠤᠷᠤᠨ ᠪᠤᠳᠠᠳᠤ ᠠᠰᠠᠭᠤᠳᠠᠯ ᠪᠠᠴᠢᠮ ᠬᠦᠴᠢᠷᠳᠡᠯ ᠢ ᠨᠢ  ᠰᠢᠢᠦᠨᠪᠦᠷᠢᠯᠡᠵᠦ ᠣᠯᠠᠨ ᠤ ᠰᠡᠦᠨᠬᠢᠯ ᠬᠠᠶᠢᠷ᠎ᠠ ᠶ᠋ᠢ ᠭᠦᠨ ᠣᠯᠵᠠᠢ ᠃
      2018 ᠣᠨ ᠤ ᠴᠠᠭᠠᠨ ᠰᠠᠷ᠎ᠠ ᠰᠢᠨᠡᠯᠡᠬᠦ ᠦᠶ᠎ᠡ ᠳ᠋ᠦ ᠂ ᠹᠸᠩ ᠱᠸᠩ ᠲᠣᠰᠬᠤᠨ ᠤ ᠡᠷᠦᠬᠡ ᠪᠣᠯᠭᠠᠨ ᠭᠡᠭᠡᠨ ᠴᠠᠭᠠᠨ ᠪᠠᠶᠢᠬᠤ ᠳ᠋ᠤ ᠳᠠᠩᠳᠠ ᠶᠤᠸᠠᠢ ᠶᠢᠦ ᠽᠠᠢ ᠪᠣᠯᠣᠨ ᠫᠢ  ᠬᠦᠸ᠋ᠸ  ᠶ᠋ᠢᠨ ᠬᠢᠨ ᠬᠡᠷᠡᠮ ᠬᠠᠨ᠎ᠠ ᠨᠢ ᠬᠠᠷ᠎ᠠ ᠪᠠᠶᠢᠬᠤ ᠳ᠋ᠤ ᠽᠣᠤ ᠱᠦᠵᠢ ᠬᠠᠷᠮᠠᠨ ᠡᠴᠠ ᠪᠠᠨ 800 ᠵᠣᠭᠤᠰ ᠭᠠᠷᠭᠠᠨ ᠬᠣᠶᠠᠷ ᠡᠷᠦᠬᠡ ᠶ᠋ᠢᠨ ᠬᠡᠷᠡᠮ ᠬᠠᠨ᠎ᠠ ᠶ᠋ᠢ ᠨᠢ ᠱᠤᠸᠠᠵᠢᠳᠠᠨ ᠥᠭᠴᠦ ᠪᠠᠰᠠ ᠨᠢᠭᠤᠷ ᠤᠬᠢᠶᠠᠬᠤ  ᠫᠸᠩᠰᠡ ᠂ ᠫᠸᠩᠰᠡᠨ ᠲᠠᠯᠪᠢᠭᠤᠷ ᠂ ᠠᠯᠴᠢᠭᠤᠷ ᠂ ᠰᠠᠪᠤᠩ ᠵᠡᠷᠭᠡ ᠶ᠋ᠢ ᠠᠪᠴᠤ ᠥᠭᠭᠦᠨ ᠠᠮᠢᠳᠤᠷᠠᠯ ᠳ᠋ᠦ᠋ᠨᠢ ᠳᠡᠮᠵᠢᠨ ᠰᠡᠦᠨᠬᠢᠯ ᠢ ᠨᠢ ᠪᠠᠶᠠᠰᠬᠠᠨ ᠪᠣᠰᠣᠤᠨ ᠲᠠᠢ ᠠᠳᠠᠯᠢᠬᠠᠨ ᠰᠢᠨᠡᠯᠡᠭᠦᠯᠵᠡᠢ ᠃ ᠬᠠᠪᠤᠷ ᠤᠨ ᠲᠠᠷᠢᠯᠭ᠎ᠠ ᠳ᠋ᠤ ᠶᠤᠸᠠᠢ ᠶᠢᠦ ᠽᠠᠢ ᠦᠷ᠎ᠡ ᠪᠣᠷᠳᠤᠭᠤᠷ ᠲᠤ ᠭᠠᠴᠢᠬᠳᠠᠨ ᠪᠠᠶᠢᠬᠤ ᠳ᠋ᠤ ᠽᠣᠤ ᠱᠦᠵᠢ 20 ᠤᠭᠤᠲᠠ ᠦᠷ᠎ᠡ ᠂ 5 ᠤᠭᠤᠲᠠ ᠬᠢᠮᠢ ᠶ᠋ᠢᠨ ᠪᠣᠷᠳᠤᠭᠤᠷ ᠠᠪᠴᠤ ᠥᠭᠭᠦᠨ ᠲᠠᠷᠢᠶ᠎ᠠ ᠶ᠋ᠢ ᠨᠢ ᠲᠠᠷᠢᠭᠤᠯᠵᠠᠢ ᠃ ᠲᠡᠷᠡ ᠪᠠᠰᠠ ᠬᠠᠮᠢᠶ᠎ᠠ ᠪᠦᠬᠦᠢ ᠰᠤᠷᠭᠠᠭᠤᠯᠢ ᠨᠢᠭᠡᠴᠡ ᠲᠠᠢ ᠬᠠᠷᠢᠯᠴᠠᠨ ᠶᠤᠸᠠᠢ ᠮᠸᠩ ᠶᠣᠤ ᠂ ᠵᠣᠤ ᠴᠢᠶᠠᠨ ᠸᠸᠢ ᠂ ᠯᠢᠦ ᠬᠤᠤ ᠷᠡᠨ ᠵᠡᠷᠭᠡ 4 ᠰᠤᠷᠤᠬᠴᠢ ᠶ᠋ᠢᠨ ᠰᠣᠷᠤᠯᠭ᠎ᠠ ᠶ᠋ᠢᠨ ᠰᠦᠢᠦᠨᠬᠡᠯ ᠦᠨ ᠠᠰᠠᠭᠤᠳᠠᠯ ᠢ ᠰᠢᠢᠦᠨᠪᠦᠷᠢᠯᠡᠨ ᠥᠭᠴᠡᠢ ᠃ ᠲᠡᠷᠡ  ᠪᠠᠰᠠ ᠬᠠᠮᠳᠤ ᠠᠵᠢᠯᠯᠠᠬᠴᠢᠣᠨ ᠢᠶᠡᠨ ᠵᠣᠬᠢᠷᠠᠨ ᠪᠠᠶᠢᠭᠤᠯᠤᠨ ᠬᠠᠨᠳᠢᠪᠯᠠᠬᠤ ᠠᠵᠢᠯᠯᠠᠭᠠᠨ ᠥᠷᠨᠢᠭᠦᠯᠦᠨ ᠶᠠᠳᠠᠭᠤ ᠡᠷᠦᠬᠡ ᠳ᠋ᠦ 100 ᠭᠠᠷᠤᠢ ᠵᠠᠬ᠎ᠠ ᠬᠣᠪᠴᠠᠰᠤ ᠬᠣᠨᠠᠷ ᠬᠦᠷᠭᠡᠵᠡᠢ ᠃ ᠲᠡᠷᠡ ᠮᠢᠩᠷᠸᠨ ᠰᠤᠮᠤ ᠶ᠋ᠢᠨ ᠵᠠᠰᠠᠭ ᠤᠨ ᠣᠷᠳᠤᠨ ᠢ ᠬᠠᠪᠰᠤᠷᠤᠨ ᠬᠠᠮᠢᠶ᠎ᠠ ᠪᠦᠬᠦᠢ ᠪᠠᠶᠢᠭᠤᠯᠤᠯᠭ᠎ᠠ ᠲᠠᠢ ᠬᠠᠷᠢᠯᠴᠠᠨ ᠤᠷᠢᠳ ᠬᠣᠵᠢᠳ 35 ᠲᠦᠮᠡᠨ ᠲᠥᠭᠦᠷᠢᠭ ᠦᠨ ᠳᠤᠰᠠᠯᠠᠮᠵᠢ ᠮᠥᠩᠭᠥ ᠣᠯᠵᠤ ᠶᠠᠳᠠᠭᠤ ᠶ᠋ᠢ ᠳᠡᠦᠨᠬᠦᠬᠦ ᠳ᠋ᠦ ᠵᠠᠷᠤᠴᠠᠭᠤᠯᠵᠠᠢ ᠃ ᠹᠸᠩ ᠱᠸᠩ ᠲᠣᠰᠬᠤᠨ ᠤ ᠲᠥᠭᠡᠭᠡᠯ ᠣᠰᠣᠨ ᠤ ᠬᠣᠭᠤᠯᠠᠢ ᠡᠪᠳᠡᠷᠡᠭᠰᠡᠨ ᠳ᠋ᠦ ᠽᠣᠤ ᠱᠦᠵᠢ ᠳᠠᠷᠤᠢ ᠳ᠋ᠦ᠋ᠨᠢ ᠤᠰᠤᠨ ᠠᠰᠢᠬᠯᠠᠯᠲᠠ ᠶ᠋ᠢᠨ ᠰᠠᠯᠠᠭ᠎ᠠ ᠮᠦᠴᠢᠷ ᠲᠠᠢ ᠬᠠᠷᠢᠯᠴᠠᠨ ᠲᠥᠭᠡᠭᠡᠯ ᠤᠰᠤᠨ ᠤ ᠬᠣᠭᠤᠯᠠᠢ ᠶ᠋ᠢᠨ ᠤᠰᠤ ᠭᠤᠭᠤᠵᠢᠵᠤ ᠪᠠᠶᠢᠬᠰᠠᠨ ᠬᠡᠰᠡᠭ ᠢ ᠵᠠᠰᠠᠨ ᠰᠡᠯᠪᠢᠵᠦ ᠳᠠᠬᠢᠨᠲᠠ ᠴᠡᠪᠡᠷ ᠠᠷᠢᠭᠤᠨ ᠤᠰᠤ ᠢᠳᠡᠬᠦ  ᠪᠣᠯᠭᠠᠵᠠᠢ ᠃ ᠲᠣᠰᠬᠤᠨ ᠤ ᠠᠷᠠᠳ ᠫᠢ ᠭᠦᠸᠸ ᠵᠢᠶᠠᠩ ᠽᠣᠤ ᠱᠦᠵᠢ ᠶ᠋ᠢᠨ ᠭᠠᠷ ᠢ ᠴᠢᠩᠭ᠎ᠠ ᠠᠣᠨᠬᠤᠨ ︿ ︿ ᠽᠣᠤ ᠱᠦᠵᠢ ᠡ ᠂ ᠲᠠᠨ ᠳ᠋ᠤ ᠲᠠᠯᠠᠷᠬᠠᠨ ᠪᠠᠷᠠᠰᠢ ᠦᠭᠡᠢ ᠂ ᠲᠠᠨ ᠤ ᠰᠠᠶᠢᠨ ᠢ ᠡᠭᠦᠷᠢᠳᠡ ᠮᠠᠷᠲᠠᠬᠤ ᠦᠭᠡᠢ ﹀ ﹀ ᠭᠡᠵᠦ ᠰᠡᠦᠨᠬᠢᠯ ᠳᠣᠬᠳᠤᠯᠤᠨ ᠳᠠᠬᠢᠨ ᠳᠠᠬᠢᠨ ᠶᠠᠷᠢᠨ᠎ᠠ ᠪᠢᠯᠡ ᠃
      ᠽᠣᠤ ᠱᠦᠵᠢ ᠪᠦᠬᠦ ᠰᠡᠦᠨᠬᠢᠯ ᠪᠦᠬᠦ ᠵᠣᠷᠢᠭ ᠢᠶᠠᠷ ᠠᠵᠢᠯ ᠳ᠋ᠠᠭᠠᠨ ᠰᠢᠮᠳᠠᠨ ᠂ ᠲᠣᠰᠬᠤᠨ ᠤ ᠵᠣᠬᠢᠶᠠᠨ ᠪᠠᠶᠢᠭᠤᠯᠤᠯᠲᠠ ᠶ᠋ᠢᠨ ᠠᠵᠢᠯᠯᠠᠭ᠎ᠠ ᠶ᠋ᠢ ᠢᠳᠡᠪᠬᠢᠲᠡᠢ ᠥᠷᠨᠢᠭᠦᠯᠦᠨ ᠂ ᠲᠣᠰᠬᠤᠨ ᠤ ︿ ︿ ᠬᠣᠶᠠᠷ ᠪᠠᠭ ﹀ ﹀  ᠤᠨ ᠠᠵᠢᠯ ᠤᠨ ᠬᠢᠷᠢ ᠲᠥᠪᠰᠢᠨ ᠢ ᠳᠡᠭᠡᠭᠰᠢᠯᠡᠭᠦᠯᠦᠨ ᠂ ᠶᠠᠳᠠᠭᠤ ᠡᠷᠦᠬᠡ ᠶ᠋ᠢᠨ ᠪᠣᠳᠠᠳᠤ ᠠᠰᠠᠭᠤᠳᠠᠯ ᠢ ᠰᠢᠢᠦᠨᠪᠦᠷᠢᠯᠡᠬᠦ  ᠪᠠ ᠲᠣᠰᠬᠤᠨ ᠤ ᠪᠦᠬᠦ ᠲᠠᠯ᠎ᠠ ᠶ᠋ᠢᠨ  ᠬᠥᠭᠵᠢᠯᠲᠡ ᠶ᠋ᠢ ᠠᠬᠢᠭᠤᠯᠬᠤ ᠳ᠋ᠤ ᠪᠠᠳᠤᠯᠠᠭ᠎ᠠ  ᠬᠠᠩᠭᠠᠵᠠᠢ ᠃ ᠲᠡᠵᠢᠭᠡᠪᠦᠷᠢ ᠶ᠋ᠢᠨ ᠤᠶᠢᠯᠡᠰ ᠢᠶᠠᠷ ᠣᠷᠤᠯᠭ᠎ᠠ ᠪᠠᠨ ᠨᠡᠮᠡᠭᠳᠡᠭᠦᠯᠬᠦ ᠵᠠᠮ ᠢ ᠬᠠᠶᠢᠵᠤ ᠂ ᠲᠡᠵᠢᠭᠡᠪᠦᠷᠢ ᠶ᠋ᠢᠨ ᠲᠤᠰᠬᠠᠢ ᠬᠣᠷᠰᠢᠶᠠᠵᠢᠯ ᠢ ᠬᠠᠪᠰᠣᠷᠤᠨ ᠬᠣᠨᠢ ᠲᠡᠵᠢᠭᠡᠬᠦ ᠤᠶᠢᠯᠡᠰ ᠢ ᠬᠥᠭᠵᠢᠭᠦᠯᠦᠨ ᠂ ᠰᠢᠨ᠎ᠡ ᠪᠡᠷ ᠪᠠᠷᠢᠮᠵᠢᠶᠠᠵᠢᠬᠰᠠᠨ ᠲᠡᠵᠢᠭᠡᠪᠦᠷᠢ ᠶ᠋ᠢᠨ ᠰᠠᠭᠤᠷᠢᠨ ᠭᠠᠵᠠᠷ ᠢ ᠨᠢᠭᠡ ᠪᠠᠶᠢᠭᠤᠯᠵᠤ ᠂ ᠵᠢᠯ ᠦᠨ ᠤᠶᠢᠯᠡᠦᠨᠪᠦᠷᠢᠯᠡᠯ ᠤᠨ ᠥᠷᠲᠡᠭ 20 ᠲᠦᠮᠡᠨ ᠲᠥᠭᠦᠷᠢᠭ ᠲᠦ ᠬᠦᠷᠬᠦ ᠪᠣᠯᠤᠨ᠎ᠠ ᠃ ᠬᠠᠭᠠᠰ ᠵᠢᠯ ᠦᠨ ᠲᠣᠷᠰᠢ ᠲᠣᠰᠬᠤᠨ ᠤ ︿ ︿ ᠬᠣᠶᠠᠷ ᠪᠠᠭ ﹀ ﹀ ᠤᠨ ᠬᠤᠷᠠᠯ 8 ᠤᠳᠠᠭ᠎ᠠ ᠂ ᠲᠣᠰᠬᠤᠨ ᠤ ᠠᠷᠠᠳ ᠤᠨ ᠲᠥᠯᠦᠭᠡᠯᠡᠭᠴᠢ ᠶ᠋ᠢᠨ ᠬᠤᠷᠠᠯ 5 ᠤᠳᠠᠭ᠎ᠠ ᠂ ᠨᠠᠮ ᠤᠨ ᠬᠡᠰᠢᠭᠦᠦᠨ  ᠤᠨ ᠬᠤᠷᠠᠯ 2 ᠤᠳᠠᠭ᠎ᠠ ᠂ ᠲᠡᠵᠢᠭᠡᠪᠦᠷᠢ ᠶ᠋ᠢᠨ ᠶᠡᠬᠡ ᠡᠷᠦᠬᠡ ᠶ᠋ᠢᠨ ᠲᠣᠷᠰᠢᠯᠭ᠎ᠠ ᠰᠣᠯᠢᠯᠴᠠᠬᠤ ᠬᠤᠷᠠᠯ 2 ᠤᠳᠠᠭ᠎ᠠ ᠂ ᠲᠣᠰᠬᠤᠨ ᠤ ︿ ︿ ᠬᠣᠶᠠᠷ ᠪᠠᠭ ﹀ ﹀ ᠶ᠋ᠢᠨ ᠬᠡᠰᠢᠭᠦᠦᠨ ᠪᠣᠯᠣᠨ ᠠᠵᠢᠯᠯᠠᠬᠤ ᠠᠩᠭᠢ ᠶ᠋ᠢᠨ ᠬᠡᠰᠢᠭᠦᠦᠨ ᠢ ᠵᠣᠬᠢᠶᠠᠨ ᠪᠠᠶᠢᠭᠤᠯᠤᠨ ᠦᠳᠡᠰᠢ ᠶ᠋ᠢᠨ ᠰᠤᠷᠤᠯᠴᠠᠯᠭ᠎ᠠ ᠬᠢᠭᠰᠡᠨ 16 ᠤᠳᠠᠭ᠎ᠠ ᠳ᠋ᠤ ᠬᠦᠷᠴᠦ ᠂ ᠠᠷᠠᠳ ᠤᠨ ᠵᠢᠭᠤᠷᠭᠠᠨ ᠮᠠᠷᠭᠤᠭᠠᠨ ᠢ ᠰᠢᠢᠦᠨᠪᠦᠷᠢᠯᠡᠭᠰᠡᠨ 2 ᠤᠳᠠᠭ᠎ᠠ  ᠪᠠᠶᠢᠵᠤ ᠂ ᠣᠯᠠᠨ ᠤᠳᠠᠭ᠎ᠠ ᠣᠯᠠᠨ ᠲᠦᠮᠡᠨ ᠦ ᠬᠦᠴᠢᠷᠳᠡᠯ ᠠᠰᠠᠭᠤᠳᠠᠯ ᠢ ᠰᠢᠢᠦᠨᠪᠦᠷᠢᠯᠡᠵᠡᠢ ᠃
      ᠽᠣᠤ ᠱᠦᠵᠢ ᠶ᠋ᠢᠨ ᠡᠭᠡᠯ ᠮᠦᠷᠳᠡᠭᠡᠨ ᠡᠩ ᠦᠨ ᠪᠣᠰᠤ ᠨᠢᠭᠡᠨ ᠤᠴᠢᠷ ᠢ ᠳᠣᠳᠤᠷᠠᠭᠤᠯᠪᠠᠯ ᠄ ᠽᠣᠤ ᠱᠦᠵᠢ ᠠᠮᠢᠳᠤᠷᠠᠯ ᠳ᠋ᠤ ᠬᠠᠶᠢᠷᠠᠲᠠᠢ ᠬᠦᠮᠦᠨ ᠪᠠᠶᠢᠭ᠎ᠠ ᠶᠤᠮ ᠃ ᠲᠣᠰᠬᠤᠨ ᠤ ᠵᠥᠪᠯᠡᠯ ᠦᠨ ᠭᠡᠷ ᠦᠨ ᠵᠡᠭᠦᠨ ᠬᠡᠷᠡᠮ ᠦᠨ ᠭᠠᠳᠠᠨ᠎ᠠ ᠥᠴᠦᠬᠡᠨ ᠬᠡᠰᠡᠭ ᠰᠤᠯᠠ ᠭᠠᠵᠠᠷ ᠪᠠᠶᠢᠬᠤ ᠶ᠋ᠢ ᠦᠵᠡᠵᠦ ᠂ ᠡᠨᠡ ᠬᠡᠰᠡᠭ ᠭᠠᠵᠠᠷ ᠲᠤ ᠰᠠᠨᠠᠭ᠎ᠠ ᠪᠣᠯᠵᠤ ᠂ ᠣᠯᠠᠨ ᠲᠠᠢ ᠵᠥᠪᠳᠡᠯᠴᠡᠨ ᠰᠤᠯᠠ ᠭᠠᠵᠠᠷ ᠢ ᠳᠡᠭᠡᠭᠰᠢᠯᠡᠨ ᠵᠠᠰᠠᠵᠤ ᠨᠤᠭᠤᠭ᠎ᠠ ᠲᠠᠷᠢᠬᠤ ᠪᠠᠷ ᠳᠣᠬᠲᠠᠵᠠᠢ ᠃ ᠬᠡᠯᠡᠪᠡᠯ ᠬᠢᠳᠡᠭ ᠲᠡᠷᠡ ᠪᠡᠷ ᠠᠵᠢᠯᠯᠠᠬᠤ ᠠᠩᠭᠢ ᠶ᠋ᠢᠨ ᠬᠢᠨ ᠥᠪᠡᠰᠦᠪᠡᠨ ᠪᠡᠯᠡ ᠣᠷᠤᠭᠤᠯᠤᠨ  ᠭᠠᠷ ᠬᠥᠳᠡᠯᠭᠡᠵᠦ ᠨᠤᠲᠤᠭ ᠤᠨ ᠪᠣᠷᠳᠤᠭᠤᠷ ᠣᠷᠤᠭᠤᠯᠤᠨ ᠪᠦᠬᠦᠨ ᠢ ᠢᠳᠡᠰᠢᠨ ᠨᠤᠭᠤᠭ᠎ᠠ ᠲᠠᠷᠢᠵᠤ ᠂ ᠠᠵᠢᠯᠯᠠᠬᠤ ᠠᠩᠭᠢ ᠶ᠋ᠢᠨ ᠢᠳᠡᠰᠢᠨ ᠨᠤᠭᠤᠭ᠎ᠠ ᠪᠠᠨ  ᠬᠠᠩᠭᠠᠵᠠᠢ ᠃  ︿ ︿  ᠡᠨᠡ ᠨᠢ ᠬᠥᠳᠡᠯᠮᠦᠷᠢ ᠪᠡᠷ ᠳᠠᠮᠵᠢᠨ ᠮᠠᠨᠤᠰ ᠤᠨ ᠬᠠᠲᠠᠭᠤᠵᠢᠯᠲᠠᠢ ᠲᠡᠮᠡᠴᠡᠬᠦ ᠣᠪᠤᠷ ᠰᠤᠷᠲᠠᠯ ᠪᠠ ᠥᠪᠡᠷ ᠦᠨ ᠬᠦᠴᠦ ᠪᠡᠷ ᠢᠶ᠋ᠡᠨ ᠳᠡᠭᠵᠢᠷᠡᠬᠦ ᠵᠣᠷᠢᠭ ᠰᠠᠨᠠᠭ᠎ᠠ ᠶ᠋ᠢ  ᠪᠠᠳᠠᠷᠠᠭᠤᠯᠬᠤ ᠶ᠋ᠢᠨ ᠬᠠᠮᠳᠤ ᠲᠣᠰᠬᠤᠨ ᠤ ᠠᠷᠠᠳ ᠲᠤ ᠠᠵᠢᠯᠴᠢ ᠬᠥᠳᠡᠯᠮᠦᠷᠢᠴᠢ ᠪᠡᠷ ᠪᠠᠶᠠᠵᠢᠬᠤ ᠶ᠋ᠢ ᠳᠠᠶᠢᠴᠢᠯᠠᠬᠤ ᠵᠢᠱᠢᠶ᠎ᠡ ᠦᠵᠡᠭᠦᠯᠬᠦ ᠤᠶᠢᠯᠡᠳᠦᠯ ᠦᠵᠡᠭᠦᠯᠬᠦ ᠪᠣᠯᠤᠨ᠎ᠠ ﹀ ﹀ ᠭᠡᠵᠦ ᠽᠣᠤ ᠱᠦᠵᠢ ᠶᠠᠷᠢᠨ᠎ᠠ ᠪᠢᠯᠡ ᠃

                                                           ᠯᠢ ᠪᠤᠶᠠᠨᠴᠤᠬᠯᠠ
ᠢᠷᠡᠯᠳᠡ᠄ ᠨᠠᠶᠢᠷᠠᠭᠤᠯᠤᠭᠴᠢ᠄ ᠳᠤᠯᠠᠭᠠᠨ