ᠮᠢᠨᠤ ᠬᠦᠳᠡᠭᠡ ᠰᠠᠶᠢᠬᠠᠨ

ᠣᠩᠰᠢᠭᠰᠠᠨ ᠤᠳᠠᠭ᠎ᠠ ᠄ 7009     ᠨᠡᠶᠢᠳᠡᠯᠡᠭᠰᠡᠨ ᠴᠠᠭ ᠄ 2018/10/21 10:31:19

ᠤᠰᠤ ᠮᠦᠷᠡᠨ ᠨᠢ ᠲᠤᠩᠭᠠᠯᠠᠬᠬᠠᠨ
ᠤᠷᠭᠤᠮᠠᠯ ᠪᠡᠯᠴᠢᠭᠡᠷ ᠨᠢ ᠰᠣᠷᠭᠤᠬᠬᠠᠨ
ᠠᠭᠠᠷ ᠮᠠᠨᠳᠠᠯ ᠨᠢ ᠴᠡᠯᠮᠡᠭᠬᠡᠨ
ᠠᠮᠢᠲᠠᠨ ᠭᠣᠤᠯᠲᠠᠨ ᠨᠢ ᠡᠯᠪᠡᠭᠬᠡᠨ
ᠠᠰᠢᠳᠠ ᠣᠷᠤᠰᠢᠬᠤ ᠠᠮᠣᠷᠯᠢᠩᠭᠤᠢ ᠣᠷᠣᠨ
ᠮᠢᠨᠤ ᠬᠦᠳᠡᠭᠡ ᠰᠠᠶᠢᠬᠠᠨ ᠡ ᠃
ᠠᠶᠠᠨ ᠵᠠᠮ ᠨᠢ ᠰᠢᠯᠤᠭᠤᠨ ᠰᠢᠭᠣᠤᠨ
ᠠᠷᠠᠯᠵᠢᠶ᠎ᠠ ᠵᠠᠬ᠎ᠠ ᠨᠢ ᠲᠣᠬᠲᠠᠭᠤᠨ ᠰᠠᠶᠢᠨ
ᠠᠶᠢᠯ ᠲᠣᠰᠬᠤᠨ ᠨᠢ ᠭᠣᠶᠤᠮᠰᠤᠭ ᠰᠠᠶᠢᠬᠠᠨ
ᠠᠵᠤ ᠲᠥᠷᠦᠬᠦ ᠳ᠋ᠦ ᠰᠡᠦᠨᠬᠢᠯ ᠲᠡᠨᠢᠭᠦᠨ
ᠠᠵᠠ ᠵᠢᠷᠭᠠᠯᠳᠤ ᠲᠠᠩᠰᠤᠭ ᠣᠷᠣᠨ
ᠮᠢᠨᠤ ᠬᠦᠳᠡᠭᠡ ᠰᠠᠶᠢᠬᠠᠨ ᠡ ᠃
ᠰᠣᠷᠲᠠᠯ ᠮᠤᠷᠠᠯ ᠵᠣᠷᠰᠢᠯ ᠰᠠᠶᠢᠲᠠᠢ
ᠰᠣᠶᠣᠯ ᠤᠷᠠᠯᠢᠭ ᠥᠷᠨᠢᠯ ᠶᠡᠬᠡᠲᠡᠢ
ᠰᠤᠷᠭᠠᠨ ᠬᠦᠮᠦᠵᠢᠯ ᠬᠠᠨᠳᠤᠰᠢ ᠰᠠᠶᠢᠲᠠᠢ
ᠰᠤᠷᠠᠭ ᠵᠠᠩᠭᠢ ᠲᠥᠷᠭᠡᠨ ᠲᠦᠭᠡᠮᠡᠯ
ᠰᠣᠤᠳᠤ  ᠬᠦᠮᠦᠰ ᠤᠨ ᠥᠯᠦᠭᠡᠢ ᠨᠤᠲᠤᠭ
ᠮᠢᠨᠤ  ᠬᠦᠳᠡᠭᠡ ᠰᠠᠶᠢᠬᠠᠨ ᠡ ᠃

        ᠯᠢ ᠪᠤᠶᠠᠨᠴᠤᠬᠯᠠ
ᠢᠷᠡᠯᠳᠡ᠄ ᠨᠠᠶᠢᠷᠠᠭᠤᠯᠤᠭᠴᠢ᠄ ᠳᠤᠯᠠᠭᠠᠨ