ᠡᠷ᠎ᠡ ᠬᠦᠮᠦᠨ ᠰᠢᠭ ᠡᠷᠪᠡᠯᠵᠡ ᠠᠳᠠᠨ ᠲᠡᠮᠡᠭᠡ ᠰᠢᠭ ᠰᠡᠷᠪᠡᠯᠵᠡ

ᠣᠩᠰᠢᠭᠰᠠᠨ ᠤᠳᠠᠭ᠎ᠠ ᠄ 5894     ᠨᠡᠶᠢᠳᠡᠯᠡᠭᠰᠡᠨ ᠴᠠᠭ ᠄ 2018/10/20 10:14:50

         ︿ ︿ ᠡᠷ᠎ᠡ ᠬᠦᠮᠦᠨ ᠰᠢᠭ ᠡᠷᠪᠡᠯᠵᠡ  ᠠᠳᠠᠨ ᠲᠡᠮᠡᠭᠡ ᠰᠢᠭ ᠰᠡᠷᠪᠡᠯᠵᠡ ﹀ ﹀ ᠭᠡᠳᠡᠭ ᠪᠣᠯ ᠮᠠᠨ ᠤ  ᠮᠤᠩᠭᠤᠯ ᠲᠦᠮᠡᠨ ᠮᠠᠯᠴᠢᠨ ᠠᠷᠠᠳ ᠤᠨ ᠳᠤᠮᠳᠠ ᠤᠷᠳᠤ ᠬᠣᠭᠣᠴᠠᠭ᠎ᠠ ᠶᠠᠷᠢᠬᠳᠠᠵᠤ ᠢᠷᠡᠭᠰᠡᠨ ᠨᠢᠭᠡᠨ ᠰᠠᠶᠢᠬᠠᠨ ᠵᠦᠢᠷ ᠦᠭᠡ ᠠᠮᠠᠨ ᠬᠡᠯᠡᠯᠭᠡ ᠪᠠᠶᠢᠭ᠎ᠠ ᠶᠤᠮ ᠃ ᠡᠨᠡ ᠬᠦ ᠤᠷᠠᠯᠢᠭ ᠰᠠᠶᠢᠬᠠᠨ ᠵᠦᠢᠷᠯᠡᠯ ᠪᠦᠬᠦᠢ ᠬᠤᠷᠴᠠᠯᠢᠭ ᠣᠨᠤᠪᠴᠢᠳᠤ ᠠᠮᠠᠨ ᠦᠭᠡ ᠨᠢ ᠬᠦᠮᠦᠨ ᠠᠷᠠᠳ ᠲᠠᠭᠠᠨ ᠲᠥᠪ ᠭᠣᠤᠯᠴᠢ ᠂ ᠠᠷᠢᠭᠤᠨ ᠴᠢᠭᠡᠴᠢ ᠂ ᠨᠣᠮᠤᠬᠠᠨ ᠰᠢᠳᠤᠷᠭᠤ ᠂ ᠪᠠᠬᠲᠠᠭᠠᠮᠵᠢ ᠰᠠᠶᠢᠲᠠᠢ ᠪᠦᠬᠦ ᠲᠠᠯ᠎ᠠ ᠶ᠋ᠢ ᠪᠤᠳᠤᠯᠬᠢᠯᠠᠵᠤ ᠂ ᠬᠤᠪᠢ ᠪᠡᠶ᠎ᠡ ᠪᠡᠷ ᠢᠶ᠋ᠡᠨ ᠬᠡᠪ ᠲᠥᠷᠢᠮ ᠪᠣᠯᠵᠤ ᠂ ᠬᠡᠯᠡᠵᠦ ᠬᠢᠬᠦ ᠪᠡᠨ ᠨᠢᠭᠡᠦᠨᠬᠡᠨ ᠬᠡᠯᠡᠪᠡᠯ ᠬᠢᠵᠦ ᠬᠢᠪᠡᠯ ᠳᠠᠭᠤᠰᠬᠠᠬᠤ ᠂ ᠡᠷᠡᠮᠡᠬᠡᠢ ᠵᠣᠷᠢᠭ ᠲᠠᠢ ᠡᠷᠡᠯᠬᠡᠭ ᠪᠠᠭᠠᠳᠤᠷᠯᠢᠭ ᠂ ᠦᠨᠡᠨ ᠶᠣᠰᠣᠨ ᠢ ᠪᠠᠷᠢᠮᠲᠠᠯᠠᠨ ᠦᠬᠦᠭᠦ  ᠪᠡᠷ ᠵᠢᠦᠨᠬᠦᠳᠡᠭ ᠮᠤᠩᠭᠤᠯ ᠡᠷ᠎ᠡ ᠶ᠋ᠢᠨ ᠦᠨᠡᠨ ᠳᠦᠷᠢ ᠶ᠋ᠢ ᠲᠣᠳᠤᠷᠠᠭᠤᠯᠤᠨ ᠲᠠᠨᠢᠭᠤᠯᠤᠬᠰᠠᠨ ᠪᠠᠶᠢᠳᠠᠭ ᠃
       ︿ ︿ ᠡᠷ᠎ᠡ ᠬᠦᠮᠦᠨ ᠰᠢᠭ ᠡᠷᠪᠡᠯᠵᠡ ᠠᠳᠠᠨ ᠲᠡᠮᠡᠭᠡ ᠰᠢᠭ ᠰᠡᠷᠪᠡᠯᠵᠡ ﹀ ﹀ ᠭᠡᠳᠡᠭ ᠨᠢ ᠡᠷ᠎ᠡ ᠬᠦᠮᠦᠨ ᠪᠣᠯᠣᠨ ᠠᠳᠠᠨ ᠲᠡᠮᠡᠭᠡ ᠶ᠋ᠢ ᠡᠩ ᠵᠡᠷᠭᠡᠴᠡᠭᠦᠯᠦᠨ ᠡᠪᠯᠢᠭᠬᠡᠨ ᠵᠦᠢᠷᠯᠡᠵᠦ ᠂ ᠬᠦᠮᠦᠨ ᠦ ᠰᠦᠷᠦᠭ ᠲᠦ ᠡᠷ᠎ᠡ ᠬᠦᠮᠦᠨ ᠭᠣᠤᠯ ᠬᠦᠴᠦᠨ  ᠪᠣᠯᠵᠤ ᠲᠡᠮᠡᠦᠯᠬᠦ ᠬᠥᠯᠥᠭ ᠦᠨ ᠰᠦᠷᠦᠭ ᠲᠦ ᠠᠳᠠᠨ ᠲᠡᠮᠡᠭᠡ ᠴᠢᠬᠤᠯᠠ ᠪᠠᠶᠢᠵᠤ ᠬᠡᠷᠡᠭᠯᠡᠭᠳᠡᠬᠦ ᠶᠣᠰᠣ ᠤᠴᠢᠷ ᠢ ᠲᠣᠳᠣ ᠢᠯᠡᠷᠡᠭᠦᠯᠦᠭᠰᠡᠨ ᠪᠠᠶᠢᠵᠤ ᠲᠠᠭᠠᠷᠠᠨ᠎ᠠ ᠃
      ᠲᠡᠶᠢᠮᠦ ᠡ ᠂ ᠤᠯᠤᠰ ᠤᠨ ᠠᠯᠪᠠ ᠂ ᠭᠡᠷ ᠦᠨ ᠠᠮᠢᠳᠤᠷᠠᠯ ᠳ᠋ᠤ ᠡᠷ᠎ᠡ ᠬᠦᠮᠦᠨ ᠭᠣᠤᠯᠯᠠᠬᠴᠢ ᠬᠦᠴᠦᠨ ᠲᠥᠰᠢᠭ ᠲᠤᠯᠭᠠᠭᠤᠷᠢ ᠪᠣᠯᠵᠤ ᠵᠢᠦᠨᠬᠦᠨ ᠲᠡᠮᠡᠦᠯᠵᠦ ᠶᠠᠪᠤᠬᠤ ᠤᠴᠢᠷᠲᠠᠢ ᠃ ᠪᠦᠰᠡᠭᠦᠢ ᠬᠦᠮᠦᠨ ᠂ ᠪᠤᠭᠤᠷᠤᠯ ᠨᠠᠰᠤᠲᠠᠨ ᠂ ᠪᠠᠭᠠᠴᠤᠳ ᠬᠡᠦᠬᠡᠳ ᠲᠦ ᠰᠠᠶᠢᠨ ᠰᠠᠶᠢᠬᠠᠨ ᠤ ᠳᠠᠭᠤᠷᠢᠶᠠᠯ ᠪᠣᠯᠵᠤ ᠰᠢᠮᠳᠠᠨ ᠴᠢᠷᠮᠠᠶᠢᠨ ᠲᠡᠩᠬᠡᠭᠡ ᠲᠠᠮᠢᠷ ᠢᠶᠡᠨ ᠰᠢᠪᠬᠠᠨ ᠲᠡᠰᠪᠦᠷᠢ ᠬᠠᠲᠠᠭᠤᠵᠢᠯᠲᠠᠢ ᠲᠡᠮᠡᠴᠡᠨ ᠲᠥᠷᠥ ᠲᠦᠮᠡᠨ ᠳ᠋ᠡᠬᠡᠨ ᠵᠢᠦᠨᠬᠦᠯ ᠲᠠᠢ ᠲᠥᠷᠥᠯ ᠭᠡᠷ ᠢᠶ᠋ᠡᠨ ᠡᠷᠭᠦᠵᠦ ᠶᠠᠪᠤᠳᠠᠭ ᠨᠢ ᠠᠩᠬ᠎ᠠ ᠲᠡᠦᠬᠡᠨ ᠡᠴᠡ ᠠᠪᠤᠭᠠᠳ ᠶᠡᠷᠦᠨᠢ ᠡᠷ᠎ᠡ ᠬᠦᠮᠦᠨ ᠪᠠᠶᠢᠭ᠎ᠠ ᠶᠤᠮ ᠃
ᠭᠡᠲᠡᠯ᠎ᠡ ᠂ ᠣᠳᠣᠬᠠᠨ ᠳ᠋ᠤ ᠵᠠᠷᠢᠮ ᠡᠷᠡᠭᠲᠡᠶᠢᠴᠦᠳ ᠣᠨᠴᠠᠭᠠᠶᠢᠯᠠᠨ ᠵᠠᠯᠠᠭᠤᠴᠤᠳ ᠦᠨᠡᠨᠬᠦ ︿ ︿ ᠡᠷ᠎ᠡ ᠬᠦᠮᠦᠨ ᠰᠢᠭ ᠡᠷᠪᠡᠯᠵᠡᠬᠦ ﹀ ﹀ ᠶᠣᠰᠣᠨ ᠢ ᠡᠰᠡ ᠮᠡᠳᠡᠨ ᠂ ᠠᠵᠢᠯ ᠬᠢᠬᠦ ᠦᠭᠡᠢ ᠠᠯᠵᠠᠭᠤ ᠵᠠᠯᠬᠠᠭᠤ ᠪᠣᠯᠵᠤ ᠂  ᠠᠷᠢᠬᠢᠨ ᠳ᠋ᠤ ᠰᠢᠨᠦᠨ ᠨᠠᠭᠠᠳᠤᠮ ᠬᠦᠭᠡᠭᠡᠵᠦ ᠂ ᠬᠠᠶᠠ ᠵᠠᠷᠢᠮ ᠨᠢ ᠡᠬᠡᠨᠡᠷ ᠬᠡᠦᠬᠡᠳ ᠢᠶ᠋ᠡᠨ ᠠᠷᠤ ᠳ᠋ᠠᠭᠠᠨ ᠬᠠᠶᠠᠵᠤ  ᠶᠢᠷᠲᠢᠨᠴᠦ ᠡᠷᠭᠢᠨ ᠲᠡᠨᠦᠵᠦ ᠂ ᠬᠦᠮᠦᠨ ᠦ ᠰᠢᠨᠵᠢ ᠡᠷ᠎ᠡ ᠶ᠋ᠢᠨ ᠲᠥᠷᠢ ᠦᠭᠡᠢ ᠶᠠᠪᠤᠵᠤ ᠪᠠᠶᠢᠭ᠎ᠠ ᠨᠢ ᠨᠡᠬᠡᠷᠡᠨ ᠬᠠᠷᠠᠮᠰᠠᠯ ᠪᠣᠯᠵᠤ ᠰᠠᠨᠠᠬᠳᠠᠨ ᠰᠡᠦᠨᠬᠢᠯ ᠵᠢᠷᠦᠬᠡ ᠶ᠋ᠢ ᠰᠦᠷᠡᠬᠡᠢ ᠶᠡᠬᠡ ᠪᠡᠷ ᠡᠮᠵᠡᠭᠯᠡᠭᠦᠯᠦᠨ᠎ᠡ ᠃ ᠡᠷᠬᠡᠲᠡᠨ ᠮᠠᠬᠠᠪᠤᠳ ᠡᠪᠡᠦᠨᠴᠢᠨ ᠭᠡᠮ ᠦᠭᠡᠢ ᠡᠷᠡᠭᠦᠯ ᠡᠰᠡᠨ ᠢᠳᠡᠷ ᠵᠠᠯᠠᠭᠤ ᠨᠠᠰᠤᠨ ᠤ ᠴᠣᠭ ᠪᠠᠳᠠᠷᠠᠩᠭᠤᠢ ᠭᠡᠷᠡᠯ ᠰᠠᠴᠣᠷᠠᠮ᠎ᠠ ᠰᠠᠶᠢᠬᠠᠨ ᠡᠷᠡᠨ ᠳ᠋ᠡᠬᠡᠨ ᠢᠴᠢᠭᠦᠷᠢ ᠭᠤᠳᠤᠮᠰᠢᠭ ᠢ ᠥᠯᠥ ᠬᠠᠶᠢᠬᠤᠷᠤᠨ ᠨᠡᠷ᠎ᠡ ᠨᠢᠭᠤᠷ ᠢᠶᠡᠨ ᠥᠴᠦᠬᠡᠨ ᠲᠡᠳᠦᠢ ᠴᠤ ᠪᠣᠳᠤᠯ ᠦᠭᠡᠢ ᠶᠠᠳᠠᠭᠤ ᠶ᠋ᠢᠨ ᠡᠩᠨᠡᠭᠡᠨ ᠳ᠋ᠦ ᠨᠡᠷ᠎ᠡ ᠪᠡᠨ ᠣᠷᠤᠭᠤᠯᠤᠨ ᠪᠡᠶ᠎ᠡ ᠪᠡᠨ ᠰᠢᠷᠭᠤᠭᠤᠯᠵᠤ ᠂ ᠨᠡᠶᠢᠭᠡᠮ ᠦᠨ ᠳᠠᠷᠤᠭᠠᠰᠤ ᠨᠡᠶᠢᠲᠡ ᠳ᠋ᠦ ᠲᠡᠭᠡᠭᠡᠷ᠎ᠡ ᠪᠣᠯᠬᠤ ᠭᠡᠭᠴᠢ ᠵᠢᠩᠬᠢᠨᠢ ᠡᠷ᠎ᠡ ᠬᠦᠮᠦᠨ ᠮᠦᠨ ‍ᠦᠦ ︖ ᠡᠶᠢᠨᠬᠦ  ᠬᠦᠢᠰᠦ ᠨᠢ ᠡᠷ᠎ᠡ ᠴᠤ ᠬᠦᠮᠦᠨ ᠨᠢ ᠡᠷ᠎ᠡ ᠪᠣᠰᠤ ᠶ᠋ᠢ ᠴᠣᠬᠣᠮ ᠶᠠᠭᠠᠬᠢᠯᠲᠠᠢ ᠪᠢᠯᠡ ︖ ᠡᠳᠦᠭᠡ ᠡᠨᠲᠡᠡᠷ᠎ᠡ ᠬᠦᠮᠦᠨ ᠦ ᠰᠢᠨᠵᠢ ᠲᠥᠷᠢ ᠦᠭᠡᠢ ᠡᠷᠪᠡᠯᠵᠡᠵᠦ ᠥᠯᠥ ᠪᠣᠯᠤᠨᠠᠮ  ᠭᠡᠵᠦ ᠢᠣᠨᠬᠠᠨ ᠰᠠᠨᠠᠭᠤᠯᠵᠤ ᠪᠠᠶᠢᠨ᠎ᠠ ᠃
       ︿ ︿ ᠡᠷ᠎ᠡ ᠬᠦᠮᠦᠨ ᠰᠢᠭ ᠡᠷᠪᠡᠯᠵᠡ ᠠᠳᠠᠨ ᠲᠡᠮᠡᠭᠡ ᠰᠢᠭ ᠰᠡᠷᠪᠡᠯᠵᠡ ﹀ ﹀ ᠭᠡᠰᠡᠨ ᠵᠦᠢᠷ ᠦᠭᠡ ᠨᠢ ︿ ︿ ᠡᠷ᠎ᠡ ᠬᠦᠮᠦᠨ ﹀ ﹀ ᠶ᠋ᠢ ᠶᠡᠬᠡᠳᠡ ᠬᠦᠨᠳᠦᠦᠨᠬᠡᠭᠰᠡᠨ ᠬᠦᠨᠳᠦ ᠶ᠋ᠢᠨ ᠵᠢᠩ ᠲᠠᠢ ᠦᠭᠡ ᠪᠣᠯᠬᠤ ᠶ᠋ᠢ ᠡᠷ᠎ᠡ ᠬᠦᠮᠦᠨ ᠪᠦᠬᠦᠨ ᠤᠶᠢᠯᠠᠭᠠᠨ ᠮᠡᠳᠡᠷᠡᠵᠦ ᠂ ᠥᠪᠡᠷ ᠪᠡᠶ᠎ᠡ ᠪᠡᠨ ᠬᠦᠨᠳᠦᠦᠨᠬᠡᠨ ᠥᠷᠦᠭᠡᠯ ᠦᠨ ᠬᠦᠷᠢᠶᠡᠯᠡᠯ ᠢ ᠬᠦᠷᠲᠡᠵᠦ ᠂ ᠤᠶᠢᠯᠡᠰ ᠠᠵᠢᠯ ᠤᠶᠢᠯᠡᠦᠨᠪᠦᠷᠢᠯᠡᠯ ᠠᠮᠢᠳᠤᠷᠠᠯ ᠳ᠋ᠠᠭᠠᠨ ᠦᠨᠡᠨᠬᠦ ᠴᠢᠷᠮᠠᠶᠢᠨ ᠦᠬᠦᠬᠦᠸᠠᠷ ᠵᠢᠦᠨᠬᠦᠪᠡᠰᠦ ᠵᠣᠬᠢᠨᠠᠮ ᠃
      ᠪᠢᠳᠠ  ᠪᠦᠬᠦᠨ ︿ ︿ ᠡᠷ᠎ᠡ ᠬᠦᠮᠦᠨ ᠰᠢᠭ ᠡᠷᠪᠡᠯᠵᠡ ᠠᠳᠠᠨ ᠲᠡᠮᠡᠭᠡ ᠰᠢᠭ ᠰᠡᠷᠪᠡᠯᠵᠡ ﹀ ﹀ ᠭᠡᠰᠡᠨ ᠡᠨᠡ ᠬᠦ ᠬᠣᠶᠠᠳᠤᠭᠠᠷ ᠪᠡᠶ᠎ᠡ ᠶ᠋ᠢᠨ ᠢᠣᠨᠬᠠᠯ ᠰᠤᠷᠭᠠᠯ ᠢ ᠵᠥᠪ ᠲᠠᠨᠢᠨ ᠵᠢᠷᠤᠮᠯᠠᠨ ᠰᠠᠬᠢᠵᠤ ᠂ ᠥᠪ ᠦᠨᠡᠨᠬᠦ ᠨᠢᠭᠡᠨ ᠨᠡᠷ᠎ᠡ ᠨᠢᠳᠡᠷ ᠲᠡᠬᠡᠨ ᠨᠡᠶᠢᠴᠡᠭᠰᠡᠨ ᠡᠷ᠎ᠡ ᠬᠦᠮᠦᠨ ᠪᠣᠯᠵᠤ ᠡᠷᠪᠡᠯᠵᠡᠨ ᠶᠠᠪᠤᠵᠠᠭᠠᠶ᠎ᠠ ᠃ ᠡᠷᠡᠴᠦᠳ ᠮᠠᠨᠢ ᠂ ᠵᠠᠯᠠᠭᠤᠴᠤᠳ ᠮᠠᠨᠢ ︕
    
                                                           ᠯᠢ ᠪᠤᠶᠠᠨᠴᠤᠬᠯᠠ
ᠢᠷᠡᠯᠳᠡ᠄ ᠨᠠᠶᠢᠷᠠᠭᠤᠯᠤᠭᠴᠢ᠄ ᠳᠤᠯᠠᠭᠠᠨ