ᠮᠤᠩᠭᠤᠯᠴᠣᠤᠨ ᠤᠨ ᠨᠠᠭᠠᠳᠤᠮ ᠤᠨ ᠬᠤᠷᠠᠯ

ᠣᠩᠰᠢᠭᠰᠠᠨ ᠤᠳᠠᠭ᠎ᠠ ᠄ 32659     ᠨᠡᠶᠢᠳᠡᠯᠡᠭᠰᠡᠨ ᠴᠠᠭ ᠄ 2018/10/20 8:31:35

      ᠮᠠᠨ ᠤ ᠮᠤᠩᠭᠤᠯᠴᠣᠤᠨ ᠠᠯᠢ ᠡᠷᠲᠡᠨ ᠡᠴᠡ ᠨᠠᠭᠠᠳᠤᠮ ᠤᠨ ᠬᠤᠷᠠᠯ ᠡᠷᠬᠢᠯᠡᠬᠦ ᠤᠯᠠᠮᠵᠢᠯᠠᠯᠲᠤ ᠵᠠᠩ ᠵᠠᠩᠰᠢᠯ ᠲᠠᠢ ᠪᠠᠶᠢᠳᠠᠭ ᠃ ᠨᠠᠭᠠᠳᠤᠮ ᠤᠨ ᠬᠤᠷᠠᠯ ᠨᠢ ᠮᠤᠩᠭᠤᠯᠴᠣᠤᠨ ᠤᠨ ᠬᠦᠭᠡᠷᠦᠯᠳᠦᠨ ᠴᠡᠩᠬᠡᠯᠳᠦᠬᠦ ᠣᠯᠠᠨ ᠲᠦᠮᠡᠨᠴᠢ ᠴᠢᠨᠠᠷᠲᠠᠢ ᠴᠣᠬᠯᠠᠭᠠᠨ ᠨᠠᠶᠢᠷ ᠪᠣᠯᠬᠤ ᠶᠤᠮ ᠃ ᠮᠤᠩᠭᠤᠯᠴᠣᠤᠨ ᠶᠡᠷᠦᠨᠢ ᠰᠠᠶᠢᠨ ᠡᠷ᠎ᠡ ᠪᠠᠭᠠᠳᠤᠷ ᠬᠦᠮᠦᠰ ᠢ ᠡᠷᠬᠢᠮᠯᠡᠨ ᠤᠬᠠᠭᠠᠨ ᠰᠠᠨᠠᠭ᠎ᠠ ᠬᠤᠷᠴᠠ ᠰᠡᠷᠭᠡᠭ ᠪᠢᠷ᠎ᠠ ᠴᠢᠳᠠᠯ ᠰᠠᠶᠢᠲᠠᠢ ᠠᠪᠤᠷᠭᠤ ᠪᠦᠬᠡᠴᠢᠨ ᠂ ᠴᠠᠴᠠᠨ ᠬᠠᠷᠪᠤᠭᠠᠴᠢ ᠂ ᠬᠤᠷᠳᠤᠨ ᠮᠣᠷᠢᠲᠠᠢ ᠤᠶᠠᠭᠠᠴᠢᠨ ᠢ ᠰᠠᠶᠢᠨ ᠡᠷ᠎ᠡ ᠬᠡᠮᠡᠨ ᠪᠢᠰᠢᠷᠡᠨ ᠬᠦᠨᠳᠦᠦᠨᠬᠡᠳᠡᠭ ᠪᠠᠶᠢᠵᠠᠢ ᠃ ᠡᠶᠢᠨᠬᠦ ᠪᠦᠬᠡ ᠪᠠᠷᠢᠯᠳᠤᠬᠤ ᠂ ᠰᠤᠷ ᠬᠠᠷᠪᠤᠬᠤ ᠂ ᠮᠣᠷᠢ ᠤᠷᠣᠯᠳᠤᠬᠤ ᠮᠦᠷᠦᠶᠢᠴᠡᠭᠡᠨ ᠳ᠋ᠦ ᠮᠠᠩᠯᠠᠶᠢᠯᠠᠬᠰᠠᠤᠨ ᠢ  ᠰᠠᠶᠢᠨ ᠡᠷ᠎ᠡ ᠳ᠋ᠦ ᠲᠣᠭᠠᠴᠢᠳᠠᠭ ᠃ ᠡᠶᠢᠮᠦᠷᠬᠦ ᠮᠦᠷᠦᠶᠢᠴᠡᠭᠡᠨ ᠲᠡᠮᠡᠴᠡᠭᠡᠨ ᠢ ᠪᠠᠬᠠᠷᠬᠠᠨ ᠰᠣᠨᠢᠷᠬᠠᠬᠤ ᠶᠠᠪᠤᠳᠠᠯ ᠨᠢ ᠶᠠᠷᠢᠶᠠᠨ ᠦᠭᠡᠢ ᠮᠤᠩᠭᠤᠯᠴᠣᠤᠨ ᠤᠨ ᠬᠠᠮᠣᠭ ᠶᠡᠬᠡ ᠵᠣᠯ ᠵᠢᠷᠭᠠᠯ ᠪᠠᠶᠠᠷ ᠴᠡᠩᠭᠡᠯ ᠨᠢ ᠪᠣᠯᠵᠤ ᠪᠦᠬᠡ ᠪᠠᠷᠢᠯᠳᠤᠬᠤ ᠂ ᠰᠣᠷ ᠬᠠᠷᠪᠣᠬᠤ ᠂ ᠮᠣᠷᠢ ᠤᠷᠤᠯᠳᠤᠬᠤ ᠶ᠋ᠢ ︿ ︿ ᠡᠷ᠎ᠡ ᠶ᠋ᠢᠨ ᠭᠤᠷᠪᠠᠨ ᠨᠠᠭᠠᠳᠤᠮ ﹀ ﹀ ᠭᠡᠳᠡᠭ ᠃ ᠡᠶᠢᠨᠬᠦ ᠮᠠᠨ ᠤ ᠮᠤᠩᠭᠤᠯᠴᠣᠤᠨ ᠲᠡᠭᠷᠢ ᠳᠠᠬᠢᠬᠤ ᠂ ᠣᠪᠣᠭ᠎ᠠ ᠳᠠᠬᠢᠬᠤ ᠂ ᠨᠠᠭᠤᠷ ᠤᠰᠤ ᠳᠠᠬᠢᠬᠤ ᠵᠢᠴᠢ ᠨᠠᠰᠤᠨ ᠪᠠᠶᠠᠷ ᠮᠡᠳᠥ ᠶ᠋ᠢᠨ ᠬᠦᠮᠦᠨ ᠣᠯᠠᠨ ᠴᠤᠬᠯᠠᠷᠠᠬᠤ ᠨᠠᠶᠢᠷ ᠪᠦᠬᠦᠨ ᠳ᠋ᠦ ᠴᠦᠮ ︿ ︿ ᠡᠷ᠎ᠡ ᠶ᠋ᠢᠨ ᠭᠤᠷᠪᠠᠨ ᠨᠠᠭᠠᠳᠤᠮ ﹀ ﹀ ᠶ᠋ᠢ ᠡᠷᠬᠢᠯᠡᠨ ᠶᠠᠪᠣᠬᠳᠠᠭᠤᠯᠳᠠᠭ ᠪᠠᠶᠢᠭ᠎ᠠ ᠃ ᠮᠤᠩᠭᠤᠯᠴᠣᠤᠨ ᠨᠠᠭᠠᠳᠤᠮ ᠤᠨ ᠬᠤᠷᠠᠯ ᠭᠡᠬᠦᠯᠡᠷ ᠬᠠᠮᠤᠭ ᠡᠴᠠ ᠰᠣᠨᠢᠷᠬᠠᠬᠤ ᠳᠤᠷᠠᠲᠠᠢ ᠬᠠᠮᠤᠭ ᠡᠴᠠ ᠣᠯᠠᠨ ᠬᠦᠮᠦᠨ ᠴᠤᠬᠯᠠᠷᠠᠵᠤ ᠂ ᠬᠠᠮᠤᠭ ᠤᠨ ᠬᠥᠷ ᠨᠠᠷᠭᠢᠶᠠᠨ ᠶᠡᠬᠡᠲᠡᠢ ᠴᠤᠬᠯᠠᠭᠠᠨ ᠨᠠᠶᠢᠷ ᠢᠶᠠᠷ ᠦᠵᠡᠵᠦ ᠂ ᠨᠠᠭᠠᠳᠤᠮ ᠤᠨ ᠬᠤᠷᠠᠯ ᠨᠢ ᠨᠤᠶᠠᠤᠨ ᠪᠠᠶᠠᠳ ᠂ ᠠᠷᠠᠳ ᠢᠷᠭᠡᠳ ᠂ ᠯᠠᠮ᠎ᠠ ᠬᠠᠷ᠎ᠠ ᠂ ᠬᠦᠭᠰᠢᠨ ᠵᠠᠯᠠᠭᠤ ᠂ ᠡᠷᠡᠭᠲᠡᠢ ᠡᠮᠡᠭᠲᠡᠢ ᠂ ᠬᠢᠲᠠᠳ ᠮᠤᠩᠭᠤᠯ ᠂ ᠬᠡᠦᠬᠡᠳ ᠪᠠᠭᠠᠴᠤᠳ ᠴᠦᠮ ᠣᠷᠤᠯᠴᠠᠨ ᠰᠣᠨᠢᠷᠬᠠᠳᠠᠭ ᠪᠦᠬᠦ ᠠᠷᠠᠳ ᠤᠨ ᠴᠢᠨᠠᠷᠲᠠᠢ ᠣᠯᠠᠨ ᠲᠦᠮᠡᠨᠴᠢ  ᠶᠡᠬᠡ ᠴᠣᠬᠯᠠᠭᠠᠨ ᠨᠠᠶᠢᠷ ᠪᠣᠯᠬᠤ ᠶᠤᠮ ᠃
      ᠣᠳᠣᠬᠠᠨ ᠳ᠋ᠦ ᠂ ᠨᠠᠭᠠᠳᠤᠮ ᠤᠨ ᠬᠤᠷᠠᠯ ᠨᠢ ᠣᠯᠠᠨ ᠬᠦᠮᠦᠨ ᠦ ᠬᠤᠷᠠᠨ ᠴᠤᠬᠯᠠᠷᠠᠬᠰᠠᠨ ᠠᠵᠠ ᠲᠠᠢ ᠳᠣᠬᠢᠶᠠᠯ ᠢ ᠠᠰᠢᠬᠯᠠᠵᠤ ᠰᠤᠷᠲᠠᠯ ᠤᠬᠠᠭᠤᠯᠭ᠎ᠠ ᠬᠢᠬᠦ ᠂ ᠤᠷᠠᠨ ᠰᠠᠶᠢᠬᠠᠨ ᠤ ᠲᠣᠬᠯᠠᠯᠲᠠ ᠭᠠᠷᠭᠠᠬᠤ  ᠵᠢᠴᠢ ᠠᠷᠠᠯᠵᠢᠶ᠎ᠠ ᠬᠤᠳᠠᠯᠳᠤᠭ᠎ᠠ ᠬᠢᠬᠦ ᠂ ᠠᠷᠠᠯᠵᠢᠶᠠᠨ ᠤ ᠬᠡᠯᠡᠯᠴᠡᠭᠡᠷ ᠳᠣᠬᠲᠠᠬᠤ ᠵᠡᠷᠭᠡ ᠣᠯᠠᠨ ᠶᠠᠩᠵᠤ ᠶ᠋ᠢᠨ ᠶᠠᠪᠤᠳᠠᠯ ᠨᠢ ᠴᠤ ᠨᠠᠭᠠᠳᠤᠮ ᠤᠨ ᠬᠤᠷᠠᠯ ᠤᠨ ᠳᠤᠲᠠᠬᠳᠠᠵᠤ ᠪᠣᠯᠤᠰᠢ ᠦᠭᠡᠢ ᠴᠢᠬᠤᠯᠠ ᠠᠭᠤᠯᠭ᠎ᠠ ᠪᠣᠯᠣᠨ ᠶᠠᠪᠣᠬᠳᠠᠵᠤ ᠪᠠᠶᠢᠨ᠎ᠠ ᠃

                                             ᠯᠢ ᠪᠤᠶᠠᠨᠴᠤᠬᠯᠠ
ᠢᠷᠡᠯᠳᠡ᠄ ᠨᠠᠶᠢᠷᠠᠭᠤᠯᠤᠭᠴᠢ᠄ ᠳᠤᠯᠠᠭᠠᠨ