ᠨᠠᠢᠮᠠᠨ ᠬᠤᠰᠢᠭᠤᠨ ᠤ ᠨᠠᠶᠢᠭᠡᠮ ᠢᠶᠠᠷ ᠶᠠᠳᠠᠭᠤ  ᠶ᠋ᠢ ᠳᠡᠳᠬᠦᠬᠦ ᠬᠠᠨᠳᠢᠪ ᠴᠤᠭᠯᠠᠭᠤᠯᠬᠤ ᠶᠠᠭᠡ ᠬᠤᠷᠠᠯ ᠪᠤᠯᠪᠠ

ᠣᠩᠰᠢᠭᠰᠠᠨ ᠤᠳᠠᠭ᠎ᠠ ᠄ 2216     ᠨᠡᠶᠢᠳᠡᠯᠡᠭᠰᠡᠨ ᠴᠠᠭ ᠄ 2018/10/19 8:56:37


     10 ᠰᠠᠷ᠎ᠠ ᠶ᠋ᠢᠨ 17 ᠦ ᠡᠳᠤᠷ — ᠳᠤᠮᠳᠠᠳᠤ ᠤᠯᠤᠰ ᠤᠨ ᠳᠠᠪᠤᠳᠠᠬᠢ《 ᠶᠠᠳᠠᠭᠤ ᠶ᠋ᠢ ᠳᠡᠳᠬᠦᠬᠦ ᠡᠳᠤᠷ 》 ᠲᠤ ᠂ ᠨᠠᠢᠮᠠᠨ ᠬᠤᠰᠢᠭᠤᠨ ᠤ ᠬᠢᠨ ᠨᠠᠢᠮᠠᠨ ᠬᠤᠰᠢᠭᠤᠨ ᠤ ᠨᠢᠭᠡᠳᠤᠭᠡᠷ ᠳᠤᠮᠳᠠᠳᠤ ᠰᠤᠷᠭᠠᠭᠤᠯᠢ ᠳ᠋ᠤ《 ᠬᠠᠶᠢᠷ᠎ᠠ ᠬᠠᠯᠠᠮᠵᠢ ᠪᠠᠨ ᠡᠷᠬᠦᠨ · ᠶᠠᠳᠠᠭᠤ ᠡᠴᠡ ᠠᠩᠬᠢᠵᠢᠷᠠᠭᠤᠯᠬᠤ ᠶ᠋ᠢ ᠳᠤᠰᠠᠯᠠᠬᠤ  》 ᠨᠠᠢᠮᠠᠨ ᠬᠤᠰᠢᠭᠤᠨ ᠤ ᠨᠠᠶᠢᠭᠡᠮ ᠢᠶᠠᠷ  ᠶᠠᠳᠠᠭᠤ  ᠶ᠋ᠢ ᠳᠡᠳᠬᠦᠬᠦ ᠬᠠᠨᠳᠢᠪ ᠴᠤᠭᠯᠠᠭᠤᠯᠬᠤ ᠶᠠᠭᠡ ᠬᠤᠷᠠᠯ  ᠡᠷᠬᠢᠯᠡᠪᠠ ᠃  ᠳᠤᠰ ᠤᠳᠠᠭᠠᠨ ᠤ ᠬᠤᠷᠠᠯ ᠨᠢ ᠨᠠᠶᠢᠭᠡᠮ ᠳ᠋ᠡᠬᠢ ᠡᠯ᠎ᠡ ᠡᠳᠡᠭᠡᠳ ᠦᠨ ᠳᠠᠯᠳᠠ ᠬᠦᠴᠦᠨ ᠢ ᠤᠯᠠᠮ ᠨᠢᠭᠡ ᠠᠯᠬᠤᠮ  ᠢᠯᠡᠷᠡᠬᠦᠯᠵᠦ ᠂ ᠨᠠᠶᠢᠭᠡᠮ ᠢᠶᠠᠷ  ᠶᠠᠳᠠᠭᠤ  ᠶ᠋ᠢ ᠳᠡᠳᠬᠦᠬᠦ  ᠦᠳᠭᠡᠨ ᠵᠤᠵᠠᠭᠠᠨ ᠠᠭᠤᠷ ᠠᠮᠢᠰᠬᠤᠯ ᠢ ᠪᠤᠢ ᠪᠤᠯᠭᠠᠨ ᠂ ᠶᠠᠳᠠᠭᠤ ᠡᠴᠡ ᠠᠩᠬᠢᠵᠢᠷᠠᠭᠤᠯᠬᠤ  ᠪᠠᠬᠢᠯᠠᠯᠳᠠ ᠰᠢᠪᠳᠤᠯᠬᠤ ᠳᠤᠮᠤ ᠶᠠᠭᠡ ᠨᠠᠶᠢᠯᠠᠮᠠᠯ ᠬᠦᠴᠦᠨ ᠢ ᠡᠬᠦᠰᠭᠡᠵᠦ ᠂ ᠨᠠᠢᠮᠠᠨ ᠬᠤᠰᠢᠭᠤᠨ ᠤ ᠶᠠᠳᠠᠭᠤ ᠡᠴᠡ ᠠᠩᠬᠢᠵᠢᠷᠠᠭᠤᠯᠬᠤ  ᠪᠠᠬᠢᠯᠠᠯᠳᠠ ᠰᠢᠪᠳᠤᠯᠬᠤ  ᠳᠠᠶᠢᠨ ᠤ ᠢᠯᠠᠯᠳᠠ ᠶ᠋ᠢ ᠤᠯᠬᠤ ᠳ᠋ᠤ ᠬᠠᠮᠳᠤ ᠪᠠᠷ ᠳᠤᠰᠠᠯᠠᠯᠴᠠᠬᠤ ᠳ᠋ᠤ ᠴᠢᠬᠤᠯᠠ ᠰᠠᠭᠤᠷᠢ ᠶ᠋ᠢ ᠳᠠᠪᠢᠰᠴᠤ ᠦᠭᠬᠦᠭᠰᠡᠨ ᠪᠠᠶᠢᠨ᠎ᠠ ᠃
       ᠬᠦᠳᠡᠯᠭᠡᠭᠡᠨ ᠦ ᠳᠤᠬᠠᠢ ᠶ᠋ᠢᠨ ᠳᠠᠯᠠᠪᠤᠷ ᠲᠤ ᠂  ᠬᠠᠯᠠᠭᠤᠨ ᠬᠠᠶᠢᠷ᠎ᠠ  ᠪᠠᠷ ᠳᠦᠬᠦᠷᠴᠤ ᠂ ᠬᠠᠯᠠᠮᠵᠢ ᠶ᠋ᠢᠨ ᠮᠦᠩᠬᠦ ᠪᠤᠳᠠᠰ  ᠬᠠᠨᠳᠢᠪᠯᠠᠬᠤ ᠬᠦᠮᠦᠰ ᠳᠤᠰᠬᠠᠢ ᠠᠵᠢᠯᠳᠠᠨ ᠤ ᠵᠦᠭ  ᠮᠦᠷᠦᠯᠳᠤᠨ᠎ᠠ ᠃ ᠠᠵᠦ ᠠᠬᠤᠶᠢᠯᠠᠯᠳᠠᠨ ᠵᠢᠴᠢ ᠬᠠᠶᠢᠷ᠎ᠠ ᠬᠠᠯᠠᠮᠵᠢ ᠪᠠᠨ  ᠡᠷᠬᠦᠭᠴᠢᠳ ᠦᠨ ᠪᠤᠶᠠᠨ ᠦᠢᠯᠡᠳᠬᠦ ᠮᠦᠩᠬᠦ  ᠪᠤᠳᠠᠰ ᠳᠠᠳᠠᠨ ᠤ ᠬᠠᠶᠢᠷ᠎ᠠ ᠬᠠᠯᠠᠮᠵᠢ  ᠶ᠋ᠢᠨ ᠬᠠᠮᠳᠤ  ᠨᠢᠭᠡᠨ ᠵᠤᠷᠪᠤᠰ ᠳᠤᠩᠭᠠᠯᠠᠭ《 ᠮᠦᠷᠡᠨ》 ᠪᠤᠯᠵᠦ ᠂ ᠨᠠᠢᠮᠠᠨ ᠬᠤᠰᠢᠭᠤᠨ ᠤ ᠶᠠᠳᠠᠭᠤ ᠬᠦᠴᠢᠷᠳᠠᠯᠳᠠᠢ ᠤᠯᠠᠨ ᠳᠦᠮᠡᠨ ᠦ ᠰᠠᠳᠬᠢᠯ ᠢ ᠤᠮᠳᠠᠯᠠᠨ᠎ᠠ ᠃
       ᠬᠦᠳᠡᠯᠭᠡᠭᠡᠨ ᠳᠠᠭᠡᠷ᠎ᠠ ᠂ ᠲᠦᠪ ᠲᠸᠯᠸᠢᠰ ᠦᠨ  ᠬᠦᠳᠦᠯᠦᠭᠴᠢ ᠵᠠᠩ ᠲᠸᠩ ᠶᠦᠸᠸ  ᠨᠠᠢᠮᠠᠨ ᠬᠤᠰᠢᠭᠤᠨ ᠤ ᠬᠦᠳᠦᠯᠦᠭᠴᠢ ᠲᠠᠢ ᠬᠠᠮᠳᠤ ᠪᠦᠬᠦ ᠬᠦᠳᠡᠯᠭᠡᠭᠡᠨ ᠢ ᠬᠦᠳᠦᠯᠵᠦ ᠂  ᠭᠡ ᠭᠡ ᠂  ᠤᠯᠠᠭᠠᠨᠳᠤᠶᠠᠭ᠎ᠠ ᠂  ᠵᠦᠸ᠋ᠸ ᠯᠢᠨ ᠵᠡᠷᠭᠡ ᠨᠠᠷᠡᠳᠤ ᠳᠤᠭᠯᠠᠭᠴᠢᠳ ᠪᠠᠰᠠ ᠭᠤᠴᠤ ᠰᠠᠶᠢᠬᠠᠨ ᠳᠤᠭᠯᠠᠯᠳᠠ  ᠪᠠᠷ ᠢᠶᠡᠨ ᠪᠦᠬᠦ ᠬᠤᠰᠢᠭᠤᠨ ᠤ ᠦᠵᠡᠭᠴᠢ ᠳᠦᠮᠡᠨ ᠢᠶ᠋ᠡᠨ ᠪᠠᠶᠠᠰᠬᠠᠵᠦ ᠂ ᠶᠠᠳᠠᠭᠤ ᠡᠴᠡ ᠠᠩᠬᠢᠵᠢᠷᠠᠭᠤᠯᠬᠤ ᠠᠵᠢᠯ ᠳ᠋ᠤ ᠬᠦᠴᠦᠨ ᠨᠠᠠᠮᠷᠢᠯᠡᠭᠰᠡᠨ ᠪᠠᠶᠢᠨ᠎ᠠ ᠃

     ᠤᠶᠢᠯᠠᠭᠠᠯᠳᠠ ᠪᠠᠷ ᠂ ᠳᠤᠰ ᠬᠠᠨᠳᠢᠪ ᠴᠤᠭᠯᠠᠭᠤᠯᠬᠤ ᠬᠦᠳᠡᠯᠭᠡᠭᠡᠨ ᠳ᠋ᠦ ᠂ 5465.5840 ᠳᠦᠮᠡᠨ ᠳᠦᠬᠦᠷᠢᠭ ᠦᠨ ᠪᠤᠶᠠᠨ ᠦᠢᠯᠡᠳᠬᠦ ᠮᠦᠩᠬᠦ ᠪᠤᠳᠠᠰ ᠴᠤᠭᠯᠠᠭᠤᠯᠵᠤ ᠂ ᠡᠬᠦᠨ ᠳ᠋ᠦ 3038.3640 ᠳᠦᠮᠡᠨ ᠳᠦᠬᠦᠷᠢᠭ ᠪᠠᠯᠡ ᠮᠦᠩᠬᠦ  ᠂ 2427.2200 ᠳᠦᠮᠡᠨ ᠳᠦᠬᠦᠷᠢᠭ ᠦᠨ ᠡᠳ᠋ ᠪᠤᠳᠠᠰ ᠴᠤᠭᠯᠠᠭᠤᠯᠵᠤ ᠂ ᠸᠢᠴᠡᠲ ᠢᠶ᠋ᠡᠷ ᠬᠠᠨᠳᠢᠪᠯᠠᠭᠰᠠᠨ ᠨᠢ 7979.67ᠳᠦᠬᠦᠷᠢᠭ ᠂ ᠳᠤᠬᠠᠢ ᠶ᠋ᠢᠨ ᠳᠠᠯᠠᠪᠤᠷ ᠲᠤ ᠬᠠᠨᠳᠢᠪᠯᠠᠭᠰᠠᠨ ᠨᠢ 10.2640 ᠳᠦᠮᠡᠨ ᠳᠦᠬᠦᠷᠢᠭ ᠲᠤ ᠬᠦᠷᠴᠠᠢ ᠃ (  ᠪᠤᠤ ᠵᠢᠨ ᠯᠢᠶᠠᠨ )






ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ