ᠮᠠᠩᠯᠠᠢ ᠰᠢᠯᠢᠳᠡᠭ ᠢᠶ᠋ᠡᠷ ᠰᠢᠯᠭᠠᠷᠠᠵᠦ ᠪᠠᠶᠢᠭ᠎ᠠ ᠮᠠᠨᠳᠤᠬᠤ ᠢᠷᠡᠭᠡᠳᠤᠢ ᠲᠠᠢ ᠮᠸᠩ ᠵᠢᠶᠠ ᠳ᠋ᠤᠸᠠᠨ

ᠣᠩᠰᠢᠭᠰᠠᠨ ᠤᠳᠠᠭ᠎ᠠ ᠄ 32851     ᠨᠡᠶᠢᠳᠡᠯᠡᠭᠰᠡᠨ ᠴᠠᠭ ᠄ 2018/10/19 8:37:23


       ᠤᠶᠢᠷ᠎ᠠ ᠶ᠋ᠢᠨ ᠡᠳᠤᠷ ᠂ ᠨᠠᠢᠮᠠᠨ ᠬᠤᠰᠢᠭᠤᠨ ᠤ ᠪᠠᠶᠢᠰᠢᠩᠳᠤ ᠪᠠᠯᠭᠠᠰᠤᠨ ᠤ ᠵᠡᠬᠦᠨ ᠮᠸᠩ ᠵᠢᠶᠠ ᠳ᠋ᠤᠸᠠᠨ ᠳᠤᠰᠬᠤᠨ 150 ᠨᠠᠷᠡᠰ 2018 ᠤᠨ ᠤ ᠳᠤᠮᠳᠠᠳᠤ ᠤᠯᠤᠰ ᠤᠨ ᠦᠵᠠᠰᠬᠦᠯᠡᠩᠳᠤ ᠰᠠᠶᠢᠬᠠᠨ ᠰᠠᠯᠡᠬᠦᠴᠡᠯ ᠬᠦᠳᠡᠭᠡ ᠳᠤᠰᠬᠤᠨ ᠤ ᠨᠢᠭᠡ ᠪᠠᠷ ᠴᠤᠯᠠᠯᠠᠭᠳᠠᠯ᠎ᠠ  ᠃ ᠡᠨᠡ ᠨᠢ  ᠳᠤᠰ ᠳᠤᠰᠬᠤᠨ 2015 ᠤᠨ ᠳ᠋ᠤ 《  ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠰᠢᠨ᠎ᠠ ᠬᠦᠳᠡᠭᠡ ᠳᠤᠰᠬᠤᠨ ᠤ ᠳᠠᠭᠤᠷᠢᠶᠠᠯ ᠳᠤᠰᠬᠤᠨ》《ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠦᠵᠠᠰᠬᠦᠯᠡᠩᠳᠤ ᠰᠠᠶᠢᠬᠠᠨ ᠬᠦᠳᠡᠭᠡ ᠳᠤᠰᠬᠤᠨ》《ᠤᠯᠤᠰ ᠤᠨ ᠳᠡᠰ ᠦᠨ ᠵᠢᠭᠤᠯᠴᠢᠯᠠᠯ ᠢᠶᠠᠷ ᠶᠠᠳᠠᠭᠤ ᠶ᠋ᠢ ᠳᠡᠳᠬᠦᠬᠦ ᠳᠤᠰᠬᠳ》 ᠢᠶᠠᠷ ᠨᠠᠷᠡᠯᠡᠭᠳᠡᠭᠰᠡᠨ ᠦ ᠳᠠᠷᠠᠭᠠᠬᠢ ᠪᠠᠰᠠ ᠨᠢᠭᠡᠨ ᠤᠳᠠᠭᠠᠨ ᠤ ᠰᠢᠨ᠎ᠠ ᠴᠤᠯᠠ ᠪᠤᠯᠤᠨ᠎ᠠ ᠃ ᠮᠸᠩ ᠵᠢᠶᠠ ᠳ᠋ᠤᠸᠠᠨ ᠨᠤᠶᠢᠳᠠᠨ ᠭᠠᠵᠡᠷ ᠤᠨ ᠵᠢᠭᠤᠯᠴᠢᠯᠠᠯ ᠤᠨ ᠤᠷᠤᠨ ᠨᠢ ᠮᠸᠩ ᠵᠢᠶᠠ ᠳ᠋ᠤᠸᠠᠨ ᠤᠰᠤᠨ ᠴᠦᠬᠦᠷᠦᠮ ᠳ᠋ᠤ ᠤᠨᠴᠠ ᠪᠠᠶᠢᠳᠠᠭ ᠨᠤᠶᠢᠳᠠᠨ ᠭᠠᠵᠠᠷ ᠤᠨ ᠡᠬᠢ ᠪᠠᠶᠠᠯᠢᠭ ᠵᠢᠴᠢ ᠯᠢᠶᠣᠤ ᠶ᠋ᠢᠨ ᠦᠶ᠎ᠠ ᠶ᠋ᠢᠨ ᠡᠷᠳᠡᠨ ᠦ ᠬᠤᠳᠠ《 ᠯᠦᠩ ᠬᠤᠸᠠ ᠵᠸᠤ 》 ᠶ᠋ᠢᠨ ᠬᠠᠭᠤᠴᠢᠨ ᠪᠠᠭᠤᠷᠢ ᠶ᠋ᠢᠨ ᠳᠡᠤᠭᠡ ᠰᠤᠶᠦᠯ ᠤᠨ ᠡᠬᠢ ᠪᠠᠶᠠᠯᠢᠭ ᠢ  ᠳᠦᠰᠢᠭᠯᠡᠨ ᠂ ᠰᠠᠯᠡᠭᠦᠴᠡᠯ ᠂  ᠵᠤᠭᠠᠴᠠᠯ ᠂ ᠠᠮᠠᠷᠠᠯ ᠂ ᠵᠢᠭᠠᠰᠤ ᠬᠦᠬᠢᠳᠡᠬᠦ ᠤᠷᠤᠯᠳᠤᠭᠠᠨ ᠂ ᠮᠤᠩᠭᠤᠯ ᠦᠨᠳᠤᠰᠦᠳᠡᠨ ᠤ ᠤᠯᠠᠮᠵᠢᠯᠠᠯᠳᠤ ᠨᠠᠭᠠᠳᠤᠮ ᠵᠡᠷᠭᠡ ᠵᠢᠭᠤᠯᠴᠢᠯᠡᠯ ᠤᠨ ᠳᠦᠷᠦᠯ ᠵᠦᠢᠯ ᠢ ᠨᠢᠭᠡ ᠴᠤᠭᠴᠠᠵᠢᠭᠤᠯᠤᠭᠰᠠᠨ ᠯᠢᠶᠣᠤ ᠶ᠋ᠢᠨ ᠦᠶ᠎ᠡ ᠶ᠋ᠢᠨ ᠵᠠᠩ ᠳᠠᠳᠬᠠᠯ ᠤᠨ ᠤᠨᠴᠠᠯᠢᠭ ᠪᠠ ᠮᠤᠩᠭᠤᠯ ᠦᠨᠳᠤᠰᠦᠳᠡᠨ ᠤ ᠤᠨᠴᠠᠯᠢᠭᠳᠤ ᠨᠤᠶᠢᠳᠠᠨ ᠭᠠᠵᠠᠷ ᠤᠨ ᠦᠵᠡᠮᠵᠢ ᠪᠦᠬᠦᠢ ᠶᠠᠷᠤᠩᠬᠡᠶᠢᠯᠡᠭᠰᠡᠨ ᠵᠢᠭᠤᠯᠴᠢᠯᠡᠯ ᠤᠨ ᠤᠷᠤᠨ ᠪᠤᠯᠤᠨ᠎ᠠ ᠃
       ᠤᠶᠢᠷ᠎ᠠ ᠶ᠋ᠢᠨ ᠵᠢᠯ ᠳ᠋ᠦ ᠂ ᠮᠸᠩ  ᠵᠢᠶᠠ  ᠳ᠋ᠤᠸᠠᠨ  ᠤᠰᠤᠨ ᠴᠦᠬᠦᠷᠦᠮ ᠤᠯᠤᠰ  ᠡᠴᠡ ᠭᠡᠷᠡᠭᠵᠢᠬᠦᠯᠵᠦ ᠪᠠᠶᠢᠭ᠎ᠠ ᠤᠨᠢᠨ ᠳᠡᠭᠡᠷ᠎ᠠ ᠨᠢ ᠶᠠᠳᠠᠭᠤ ᠶ᠋ᠢ ᠳᠡᠳᠬᠦᠬᠦ ᠂ ᠦᠵᠠᠰᠬᠦᠯᠡᠩᠳᠤ ᠰᠠᠶᠢᠬᠠᠨ ᠬᠦᠳᠡᠭᠡ ᠳᠤᠰᠬᠤᠨ ᠤ ᠪᠦᠳᠦᠭᠡᠨ ᠪᠠᠶᠢᠭᠤᠯᠤᠯᠳᠠ ᠶ᠋ᠢᠨ ᠪᠠᠶᠢᠯᠳᠤᠬᠤ ᠪᠤᠳᠤᠯᠭ᠎ᠠ ᠲᠠᠢ ᠤᠶᠠᠯᠳᠤᠭᠤᠯᠤᠨ ᠂  ᠵᠠᠮ ᠬᠠᠷᠢᠯᠴᠠᠭ᠎ᠠ  ᠂ ᠠᠷᠠᠳ ᠤᠨ ᠭᠡᠷ ᠪᠠᠶᠢᠰᠢᠩ ᠂ ᠤᠯᠠᠨ  ᠨᠠᠶᠢᠳᠠ ᠶ᠋ᠢᠨ ᠳᠦᠬᠦᠭᠡᠷᠦᠮᠵᠢ  ᠵᠡᠷᠭᠡ ᠳᠠᠯ᠎ᠠ ᠪᠠᠷ ᠭᠤᠤᠯᠳᠠᠯᠭ᠎ᠠ ᠲᠠᠢ ᠵᠠᠰᠠᠨ ᠦᠭᠡᠷᠡᠴᠢᠯᠠᠵᠦ ᠂ ᠳᠠᠰ ᠳᠠᠪᠰᠢᠬᠦᠯᠦᠨ ᠂ ᠳᠤᠰᠬᠤᠨ ᠳ᠋ᠡᠬᠢ 78 ᠡᠷᠦᠭᠡ ᠠᠷᠠᠳ ᠤᠨ ᠭᠡᠷ ᠪᠠᠶᠢᠰᠢᠩ ᠤᠨ ᠬᠠᠰᠢᠶ᠎ᠠ ᠭᠡᠷᠡᠮ ᠂  ᠭᠡᠷ ᠦᠨ ᠠᠳᠠᠷ ᠂ ᠡᠬᠦᠳᠠ ᠴᠤᠩᠬᠤ ᠂ ᠬᠦᠷᠢᠶᠠᠨ ᠡᠬᠦᠳᠠ ᠂ ᠭᠠᠳᠠᠨ᠎ᠠ ᠭᠡᠷᠡᠮ ᠶ᠋ᠢ ᠨᠢᠭᠡᠳᠭᠡᠨ ᠰᠢᠨᠠᠳᠭᠡᠭᠰᠡᠨ ᠡᠴᠡ ᠂ ᠳᠤᠰᠬᠤᠨ ᠤ ᠲᠦᠷᠰᠤ ᠪᠠᠶᠢᠳᠠᠯ ᠂ ᠪᠦᠬᠦᠶᠢᠯᠠ ᠤᠷᠴᠢᠨ ᠳ᠋ᠤ ᠤᠷᠢᠳ ᠭᠠᠷᠤᠭ᠎ᠠ ᠦᠭᠡᠢ ᠬᠤᠪᠢᠷᠠᠯᠳᠠ ᠭᠠᠷᠴᠠᠢ ᠃
      ᠮᠸᠩ ᠵᠢᠶᠠ ᠳ᠋ᠤᠸᠠᠨ ᠢ 2010 ᠤᠨ ᠳ᠋ᠤ ᠂ ᠪᠦᠬᠦ ᠤᠯᠤᠰ ᠤᠨ ᠵᠢᠭᠤᠯᠴᠢᠯᠠᠯ ᠤᠨ ᠦᠵᠠᠮᠵᠢ ᠶ᠋ᠢᠨ ᠴᠢᠨᠠᠷ ᠴᠢᠨᠰᠠᠭ᠎ᠠ ᠶ᠋ᠢᠨ ᠳᠠᠰ  ᠢ ᠦᠨᠠᠯᠡᠨ ᠳᠤᠭᠳᠠᠭᠠᠬᠤ ᠵᠦᠪᠯᠡᠯ ᠡᠴᠡ ᠤᠯᠤᠰ ᠤᠨ ᠳᠠᠰ ᠤᠨ AAA ᠳᠠᠰ ᠤᠨ ᠵᠢᠭᠤᠯᠴᠢᠯᠠᠯ ᠤᠨ ᠦᠵᠠᠮᠵᠢ ᠶ᠋ᠢᠨ ᠤᠷᠤᠨ ᠢᠶᠠᠷ ᠰᠢᠯᠭᠠᠨ ᠳᠤᠭᠳᠠᠭᠠᠵᠠᠢ ᠃  2015  ᠤᠨ ᠤ 12  ᠰᠠᠷ᠎ᠠ ᠳ᠋ᠤ ᠂ ᠮᠸᠩ  ᠵᠢᠶᠠ ᠳ᠋ᠤᠸᠠᠨ ᠤᠰᠤᠨ ᠴᠦᠬᠦᠷᠦᠮ ᠳᠦᠩᠯᠢᠶᠤᠤ ᠬᠤᠳᠠ ᠶ᠋ᠢᠨ ᠤᠳᠤ ᠪᠠᠷ ᠬᠠᠳᠠᠭᠠᠯᠠᠭᠳᠠᠵᠤ ᠪᠠᠶᠢᠭ᠎ᠠ ᠬᠡᠪᠴᠢᠶ᠎ᠠ ᠪᠠᠷ ᠨᠠᠯᠢᠶᠠᠳ ᠶᠡᠭᠡ ᠨᠤᠶᠢᠳᠠᠨ ᠭᠠᠵᠠᠷ ᠤᠨ ᠨᠢᠭᠡ  ᠪᠠᠶᠢᠳᠠᠭ ᠢᠶᠠᠷ  ᠢᠶᠡᠨ ᠂ ᠨᠤᠶᠢᠳᠠᠨ ᠭᠠᠵᠠᠷ ᠤᠨ ᠡᠬᠢ ᠪᠠᠶᠠᠯᠢᠭ ‍ᠢᠢᠡᠷ ᠢᠶᠡᠨ ᠤᠯᠤᠰ ᠤᠨ ᠤᠢ ᠰᠢᠭᠤᠢ ᠶ᠋ᠢᠨ ᠳᠤᠪᠴᠢᠶ᠎ᠠ ᠶ᠋ᠢᠨ ᠤᠯᠤᠰ ᠤᠨ ᠳᠠᠰ ᠤᠨ ᠨᠤᠶᠢᠳᠠᠨ ᠭᠠᠵᠠᠷ ᠤᠨ ᠴᠡᠴᠡᠷᠯᠢᠭ ᠦᠨ ᠲᠦᠷᠦᠯ ᠵᠦᠢᠯ ᠢᠶ᠋ᠡᠷ  ᠴᠤᠬᠤᠯᠠᠪᠤᠷᠢᠯᠠᠭᠳᠠᠨ ᠂  ᠤᠯᠤᠰ ᠤᠨ ᠳᠠᠰ ᠤᠨ ᠨᠤᠶᠢᠳᠠᠨ ᠭᠠᠵᠠᠷ ᠤᠨ ᠴᠡᠴᠡᠷᠯᠢᠭ ᠦᠨ ᠳᠤᠷᠰᠢᠯᠳᠠ ᠶ᠋ᠢᠨ ᠴᠡᠭ ᠪᠤᠯᠤᠭᠰᠠᠨ ᠪᠠᠶᠢᠨ᠎ᠠ ᠃  ᠭᠠᠳᠠᠭᠠᠳᠤ ᠳ᠋ᠤ ᠳᠠᠳᠠᠬᠤ ᠬᠦᠴᠦᠨ ᠪᠠ  ᠶᠠᠷᠤᠩᠬᠡᠶᠢᠯᠡᠭᠰᠡᠨ ᠵᠤᠴᠢᠯᠠᠬᠤ ᠬᠦᠴᠦᠨ ᠢᠶ᠋ᠡᠨ ᠳᠡᠭᠡᠭᠰᠢᠯᠡᠬᠦᠯᠬᠦ ᠶ᠋ᠢᠨ ᠳᠦᠯᠦᠭᠡ ᠂ ᠮᠸᠩ ᠵᠢᠶᠠ ᠳ᠋ᠤᠸᠠᠨ ᠳᠤᠰᠬᠤᠨ ᠦ ᠵᠢᠭᠤᠯᠴᠢᠯᠠᠯ ᠤᠨ ᠤᠷᠤᠨ ᠤ  ᠵᠤᠭᠰᠤᠭᠠᠯ ᠂ ᠮᠤᠩᠭᠤᠯ ᠶᠡᠭᠡ ᠠᠶᠢᠯ ᠤᠨ ᠦᠵᠡᠮᠵᠢ ᠶ᠋ᠢᠨ ᠤᠷᠤᠨ ᠂ ᠵᠤᠴᠢᠳ ᠤᠨ ᠪᠠᠭᠤᠳᠠᠯ ᠵᠡᠷᠭᠡ ᠶ᠋ᠢᠨ ᠬᠠᠭᠤᠴᠢᠷᠠᠭᠰᠠᠨ ᠳᠦᠬᠦᠭᠡᠷᠦᠮᠵᠢ ᠵᠢᠴᠢ ᠳᠤᠳᠠᠭᠤᠳᠠᠭᠰᠠᠨ ᠵᠦᠢᠯ ᠳ᠋ᠦ ᠦᠭᠡᠷᠡᠴᠢᠯᠠᠯᠳᠠ ᠬᠢᠵᠦ ᠳᠠᠰ ᠳᠡᠪᠰᠢᠬᠦᠯᠦᠨ ᠂ ᠮᠸᠩ ᠵᠢᠶᠠ ᠳ᠋ᠤᠸᠠᠨ ᠤᠯᠠᠨ ᠤᠯᠤᠰ ᠤᠨ ᠵᠢᠭᠠᠰᠤ ᠬᠦᠬᠢᠳᠡᠬᠦ ᠳᠦᠪ ᠢ ᠰᠢᠨ᠎ᠠ ᠪᠠᠷ ᠪᠠᠶᠢᠭᠤᠯᠵᠦ ᠂ ᠪᠦᠬᠦ ᠦᠪᠠᠷᠳᠡᠭᠡᠨ ᠵᠠᠰᠠᠬᠤ ᠤᠷᠤᠨ ᠴᠢᠨᠠᠭᠰᠢᠯᠠᠭᠠᠳ ᠵᠡᠬᠦᠨ ᠭᠤᠷᠪᠠᠨ ᠮᠤᠵᠢ ᠳ᠋ᠤ ᠤᠳᠤᠬᠠᠨ ᠪᠤᠯᠳᠠᠯᠠᠬᠢ  ᠴᠤᠷᠢ ᠶ᠋ᠢᠨ ᠭᠠᠭᠴᠠ ᠤᠯᠤᠰ ᠤᠨ ᠳᠠᠰ ᠤᠨ ᠵᠢᠭᠠᠰᠤ ᠬᠦᠬᠢᠳᠡᠬᠦ ᠤᠷᠤᠯᠳᠤᠭᠠᠨ ᠤ ᠳᠤᠰᠬᠠᠢ ᠳᠠᠯᠠᠪᠤᠷ ᠪᠤᠯᠤᠨ᠎ᠠ ᠃  ᠳᠤᠰ ᠵᠢᠭᠠᠰᠤ ᠬᠦᠬᠢᠳᠡᠬᠦ ᠳᠦᠪ  ᠲᠦ 2017 ᠤᠨ ᠤ 9 ᠰᠠᠷ᠎ᠠ ᠡᠴᠡ ᠨᠠᠰᠢ ᠤᠯᠤᠰ ᠤᠨ ᠳᠠᠰ ᠤᠨ ᠵᠢᠭᠠᠰᠤ  ᠬᠦᠬᠢᠳᠡᠬᠦ ᠤᠷᠤᠯᠳᠤᠭᠠᠨ ᠢ ᠨᠡᠶᠢᠳᠠ 3  ᠤᠳᠠᠭ᠎ᠠ ᠶᠠᠪᠤᠭᠳᠠᠭᠤᠯᠵᠤ ᠂  ᠤᠷᠤᠯᠳᠤᠭᠰᠠᠳ 600  ᠭᠠᠷᠤᠢ ᠂   ᠵᠤᠭᠠᠴᠠᠭᠰᠠᠳ ᠳᠦᠮᠡᠨ ᠬᠦᠮᠦᠨ ᠢ ᠳᠠᠪᠠᠭᠰᠠᠨ ᠪᠠᠶᠢᠨ᠎ᠠ ᠃ ᠵᠤᠭᠠᠴᠠᠭᠰᠠᠳ ᠤᠨ ᠳᠤᠭ᠎ᠠ ᠨᠤᠷᠮ᠎ᠠ ᠦᠩᠭᠡᠷᠡᠭᠰᠡᠨ ᠵᠢᠯ ᠦ᠋ᠨ ᠠᠳᠠᠯᠢ ᠬᠤᠭᠤᠴᠠᠭᠠᠨ ᠡᠴᠡ  ᠪᠠᠨ 80% ᠪᠠᠷ ᠨᠠᠮᠠᠭᠳᠠᠵᠦ ᠂ ᠮᠸᠩ ᠵᠢᠶᠠ ᠳ᠋ᠤᠸᠠᠨ ᠳᠤᠰᠬᠳ ᠤ ᠠᠷᠡᠳ ᠲᠦ ᠳᠦᠬᠦᠮ ᠳᠡᠯᠭᠡᠬᠦᠷ ᠂ ᠵᠤᠴᠢᠳ ᠤᠨ ᠪᠠᠭᠤᠳᠠᠯ ᠵᠡᠷᠭᠡ ᠡᠯ᠎ᠡ ᠡᠷᠬᠢᠯᠡᠬᠦ ᠭᠠᠵᠠᠷ ᠤᠨ ᠠᠵᠦ ᠠᠬᠤᠢ ᠶ᠋ᠢᠨ ᠤᠷᠤᠯᠭ᠎ᠠ ᠶ᠋ᠢ ᠨᠠᠮᠠᠭᠳᠡᠬᠦᠯᠬᠦ ᠪᠠᠷ ᠦᠯᠦ ᠪᠠᠷᠡᠨ ᠂ ᠮᠸᠩ ᠵᠢᠶᠠ ᠳ᠋ᠤᠸᠠᠨ ᠤᠯᠠᠨ ᠤᠯᠤᠰ ᠤᠨ ᠵᠢᠭᠠᠰᠤ ᠬᠦᠬᠢᠳᠡᠬᠦ ᠳᠦᠪ  ᠤᠨ ᠠᠯᠳᠠᠷ ᠨᠠᠷ᠎ᠡ ᠶ᠋ᠢ ᠳᠠᠭᠤᠷᠢᠰᠤᠭᠤᠯᠵᠦ ᠂ ᠮᠸᠩ ᠵᠢᠶᠠ ᠳ᠋ᠤᠸᠠᠨ ᠨᠤᠶᠢᠳᠠᠨ ᠭᠠᠵᠠᠷ ᠤᠨ ᠵᠢᠭᠤᠯᠴᠢᠯᠡᠯ ᠤᠨ ᠤᠷᠤᠨ ᠤ ᠰᠠᠯᠡᠭᠦᠴᠡᠯ ᠵᠢᠭᠤᠯᠴᠢᠯᠠᠯ ᠤᠨ ᠦᠢᠯᠡᠰ ᠲᠦ ᠪᠠᠳᠦ ᠪᠡᠬᠢ ᠰᠠᠭᠤᠷᠢ ᠶ᠋ᠢ ᠳᠠᠯᠪᠢᠵᠦ ᠦᠭᠬᠦᠭᠰᠡᠨ ᠪᠠᠶᠢᠨ᠎ᠠ ᠃         ᠳᠤᠰᠬᠤᠨ ᠤ ᠠᠷᠠᠳ ᠴᠧ ᠶᠦᠨ ᠮᠦᠰᠢᠶᠠᠳᠤ ᠳᠤᠳᠤᠷᠠᠭᠤᠯᠤᠨ ᠄ 《 ᠪᠢ 1975 ᠤᠨ ᠳ᠋ᠤ ᠮᠸᠩ  ᠵᠢᠶᠠ  ᠳ᠋ᠤᠸᠠᠨ  ᠤᠰᠤᠨ ᠴᠦᠬᠦᠷᠦᠮ  ᠳ᠋ᠤ  ᠢᠷᠡᠵᠦ ᠰᠠᠭᠤᠷᠢᠰᠢᠭᠰᠠᠨ ᠶᠤᠮ ᠂ ᠲᠡᠷᠡ ᠦᠶ᠎ᠡ ᠳ᠋ᠦ ᠡᠨᠳᠠ ᠭᠡᠳᠦᠭᠡᠨ ᠳᠠᠰᠤᠯᠭ᠎ᠠ ᠰᠢᠷᠤᠢ ᠪᠠᠶᠢᠰᠢᠩ ᠪᠠᠶᠢᠵᠦ ᠂ ᠭᠡᠷ ᠪᠦᠯᠢ ᠶ᠋ᠢᠨ ᠳᠤᠭᠤᠷᠢᠭ  ᠴᠤ ᠵᠦᠪᠭᠡᠨ ᠬᠤᠶᠠᠷ ᠮᠦᠷ ᠰᠢᠷᠤᠢ ᠭᠡᠷ  ᠳᠡᠳᠤᠢ  ᠃  ᠡᠷᠬᠢᠨ ᠳᠤᠭᠤᠷᠢᠨ ᠢᠶᠠᠷ ᠨᠢ ᠪᠦᠷ ᠡᠯᠡᠰᠦ ᠮᠠᠩᠬ᠎ᠠ ᠪᠠᠶᠢᠵᠦ ᠂ ᠨᠢᠭᠡᠭᠡᠨ ᠭᠡᠰᠡᠭ ᠬᠠᠳᠠᠭᠤᠷᠠᠭᠤᠯᠤᠭᠰᠠᠨ ᠵᠠᠮ ᠴᠤ ᠪᠠᠶᠢᠬᠤ ᠦᠭᠡᠢ ᠂ ᠡᠨᠳᠠ ᠳᠡᠨᠳᠠ ᠡᠩᠬᠦᠯ ᠳᠤᠩᠬᠤᠯ ᠂ ᠨᠢᠯᠪᠤᠰᠤᠨ ᠨᠠᠭᠤᠷ ᠃ ᠰᠢᠨ᠎ᠠ ᠬᠦᠳᠡᠭᠡ ᠳᠤᠰᠬᠤᠨ ᠤ ᠪᠦᠳᠦᠭᠡᠨ ᠪᠠᠶᠢᠭᠤᠯᠤᠯᠳᠠ ᠬᠢᠭᠰᠡᠨ ᠡᠴᠡ ᠨᠠᠰᠢ ᠂ ᠰᠢᠨ᠎ᠠ ᠵᠠᠮ ᠳᠤᠷᠠᠶᠢᠵᠦ ᠂ ᠰᠢᠨᠠᠭᠡᠨ ᠭᠡᠷ ᠪᠤᠰᠬᠠᠭᠳᠠᠨ ᠂ ᠬᠤᠭᠤᠯᠠᠨ ᠭᠡᠷ ᠬᠤᠨᠤᠭ ᠤᠨ ᠭᠠᠵᠡᠷ ᠴᠦ ᠦᠷᠬᠦᠯᠵᠢᠯᠠᠨ ᠨᠠᠭᠡᠭᠡᠭᠳᠡᠭᠰᠡᠨ ᠶᠤᠮ》 ᠭᠡᠵᠦ ᠪᠠᠶᠢᠯ᠎ᠠ ᠃
       ᠤᠳᠤᠬᠠᠨ ᠳ᠋ᠤ ᠂ ᠵᠢᠭᠠᠰᠤᠴᠢᠨ ᠤ ᠳᠤᠰᠬᠤᠨ ᠳ᠋ᠤ 38  ᠳᠠᠷᠢᠶᠠᠴᠢᠨ ᠠᠶᠢᠯ  ᠳ᠋ᠡᠬᠢ ᠵᠤᠭᠠᠴᠠᠯ ᠂ 2 ᠠᠷᠡᠳ ᠲᠦ ᠳᠦᠬᠦᠮ  ᠳᠡᠯᠭᠡᠬᠦᠷ ᠂ 3  ᠵᠤᠴᠢᠳ ᠤᠨ ᠪᠠᠭᠤᠳᠠᠯ ᠲᠠᠢ ᠂ 1520 ᠬᠤᠭᠤᠭᠤᠯᠠᠯᠠᠬᠤ ᠪᠠᠶᠢᠷᠢ ᠂ 25 ᠬᠤᠨᠤᠭᠯᠠᠬᠤ ᠤᠷᠤ  ᠲᠠᠢ ᠪᠠᠶᠢᠵᠦ ᠂ ᠬᠤᠷᠤᠭ᠎ᠠ ᠬᠠᠰᠢᠶᠠᠨ ᠠᠵᠦ ᠠᠬᠤᠢ 78 ᠮᠤ  ᠂ ᠤᠨᠴᠠᠯᠢᠭᠳᠤ ᠵᠢᠬᠦᠷᠳᠠᠨ ᠲᠦᠷᠦᠯ ᠦᠨ ᠳᠠᠵᠢᠭᠡᠨ ᠦᠷᠡᠵᠢᠬᠦᠯᠭᠡ 23 ᠮᠦ ᠂ ᠤᠰᠤᠨ ᠭᠠᠷᠤᠯᠳᠠ ᠶ᠋ᠢᠨ ᠳᠠᠵᠢᠭᠡᠨ ᠦᠷᠡᠵᠢᠬᠦᠯᠭᠡ 397 ᠮᠦ ᠶ᠋ᠢ ᠬᠦᠭᠵᠢᠬᠦᠯᠵᠦ ᠂《ᠮᠸᠩ  ᠵᠢᠶᠠ ᠳ᠋ᠤᠸᠠᠨ ᠤᠰᠤᠨ ᠴᠦᠬᠦᠷᠦᠮ ᠦᠨ ᠵᠡᠷᠯᠢᠭ ᠵᠢᠭᠠᠰᠤ》《ᠮᠸᠩ  ᠵᠢᠶᠠ  ᠳ᠋ᠤᠸᠠᠨ  ᠤᠰᠤᠨ ᠴᠦᠬᠦᠷᠦᠮ ᠦᠨ ᠳᠠᠪᠤᠰᠤᠯᠠᠭᠰᠠᠨ ᠨᠤᠭᠤᠰᠤᠨ ᠦᠨᠳᠠᠭᠡ 》 ᠵᠡᠷᠭᠡ ᠤᠯᠠᠨ  ᠨᠠᠷ᠎ᠡ ᠳᠡᠮᠳᠡᠭ ᠢ ᠡᠬᠦᠳᠴᠡᠢ ᠃ ᠮᠸᠩ  ᠵᠢᠶᠠ  ᠳ᠋ᠤᠸᠠᠨ ᠳᠤᠰᠬᠤᠨ ᠵᠢᠭᠠᠰᠤᠴᠢᠨ ᠠᠶᠢᠯ ᠤᠨ ᠵᠤᠭᠠᠴᠠᠯ ᠢ ᠬᠦᠭᠵᠢᠬᠦᠯᠬᠦ ᠪᠠᠷ ᠳᠠᠮᠵᠢᠨ 200 ᠬᠦᠮᠦᠨ ᠳ᠋ᠦ ᠠᠵᠢᠯ ᠤᠯᠭᠤᠵᠦ ᠂《ᠵᠢᠭᠠᠰᠤᠴᠢᠨ ᠠᠶᠢᠯ ᠤᠨ ᠵᠤᠭᠠᠴᠠᠯ》 ᠦ᠋ᠨ ᠵᠢᠭᠤᠯᠴᠢᠯᠠᠯ ᠤᠨ ᠤᠷᠤᠯᠭ᠎ᠠ ᠪᠦᠬᠦ ᠳᠤᠰᠬᠤᠨ ᠤ ᠶᠠᠷᠤᠩᠬᠡᠢ ᠤᠷᠤᠯᠭ᠎ᠠ ᠶ᠋ᠢᠨ 40%  ᠪᠠᠶᠢᠵᠦ ᠂ ᠵᠢᠯ ᠪᠦᠷᠢ ᠶ᠋ᠢᠨ ᠬᠦᠯᠢᠶᠠᠨ ᠠᠪᠬᠤ ᠵᠢᠭᠤᠯᠴᠢᠯᠠᠭᠰᠠᠳ10 ᠳᠦᠮᠡ ᠭᠠᠷᠤᠢ ᠬᠦᠮᠦᠨ ᠤᠳᠠᠭ᠎ᠠ ᠳ᠋ᠤ ᠬᠦᠷᠴᠤ ᠂ ᠠᠵᠦ ᠠᠬᠤᠢ ᠶ᠋ᠢᠨ ᠰᠢᠭᠤᠳ ᠤᠷᠤᠯᠭ᠎ᠠ 1 ᠮᠢᠩᠭᠠᠨ ᠳᠦᠮᠡ  ᠂ ᠬᠦᠮᠦᠨ ᠪᠦᠷᠢ ᠶ᠋ᠢᠨ ᠳᠡᠭᠰᠢᠳᠭᠡᠯ ᠤᠷᠤᠯᠭ᠎ᠠ 8400 ᠳᠦᠬᠦᠷᠢᠭ ᠲᠦ ᠬᠦᠷᠦᠭᠰᠡᠨ ᠪᠠᠶᠢᠨ᠎ᠠ ᠃
       ᠮᠸᠩ  ᠵᠢᠶᠠ  ᠳ᠋ᠤᠸᠠᠨ ᠳᠤᠰᠬᠤᠨ ᠦ ᠵᠢᠭᠠᠰᠤᠴᠢᠨ ᠠᠶᠢᠯ ᠤᠨ ᠰᠤᠷᠭᠤᠭ ᠠᠮᠳᠠᠳᠤ ᠵᠢᠭᠠᠰᠤᠨ ᠬᠤᠭᠤᠯᠠᠨ ᠭᠡᠷ ᠦᠨ ᠡᠵᠡᠩᠨᠡᠭᠴᠢ  ᠶᠠᠩ ᠰᠢᠶᠤᠤ  ᠸᠸᠨ ᠡᠴᠡ ᠄《 ᠪᠠᠷᠤᠭ 2007 ᠤᠨ ᠳ᠋ᠤ ᠳᠤᠰ ᠬᠤᠭᠤᠯᠠᠨ ᠭᠡᠷ ᠢ ᠡᠬᠢᠯᠡᠨ ᠡᠵᠡᠩᠨᠡᠭᠰᠡᠨ ᠶᠤᠮ ᠃  ᠤᠳᠤᠬᠠᠨ ᠳ᠋ᠤ ᠂ ᠮᠸᠩ ᠵᠢᠶᠠ ᠳ᠋ᠤᠸᠠᠨ ᠳᠤᠰᠬᠤᠨ ᠳᠤᠮᠳᠠᠳᠤ ᠤᠯᠤᠰ ᠤᠨ ᠦᠵᠠᠰᠬᠦᠯᠡᠩᠳᠤ ᠰᠠᠶᠢᠬᠠᠨ ᠰᠠᠯᠡᠬᠦᠴᠡᠯ ᠬᠦᠳᠡᠭᠡ ᠳᠤᠰᠬᠤᠨ ᠤ ᠨᠢᠭᠡ ᠪᠠᠷ ᠴᠤᠯᠠᠯᠠᠭᠳᠠᠭᠰᠠᠨ  ᠡᠴᠡ ᠯᠠᠪ ᠨᠠᠩ ᠤᠯᠠᠨ ᠵᠤᠭᠠᠴᠠᠭᠰᠠᠳ ᠢ ᠤᠭᠳᠤᠨ ᠠᠪᠴᠢᠷᠠᠬᠤ ᠪᠤᠯᠤᠨ᠎ᠠ ᠃  ᠮᠠᠨ ᠤ ᠪᠠᠵᠠᠭᠠᠬᠤ ᠨᠤᠭᠤᠭ᠎ᠠ ᠪᠤᠳᠠᠭ᠎ᠠ ᠂ ᠦᠢᠯᠡᠴᠢᠯᠡᠭᠡ  ᠪᠠᠨ ᠯᠠᠪ ᠨᠠᠩ ᠰᠠᠶᠢᠨ ᠪᠤᠯᠭᠠᠬᠤ ᠶᠤᠮ ᠂ ᠪᠢᠳᠠ ᠦᠪᠡᠷ  ᠢ ᠪᠠᠨ ᠨᠠᠩ ᠴᠢᠩᠭ᠎ᠠ ᠱᠠᠭᠠᠷᠳᠠᠨ ᠂ ᠨᠠᠩ ᠬᠦᠭᠵᠢᠶᠠᠨᠳᠡᠢ ᠵᠢᠭᠠᠰᠤᠨ ᠳᠠᠶᠢᠯᠠᠯᠭ᠎ᠠ ᠪᠠᠷ ᠵᠤᠭᠠᠴᠠᠭᠰᠠᠳ ᠢᠶᠡᠨ ᠵᠤᠴᠢᠯᠠᠨ ᠂ ᠮᠠᠨ ᠤ ᠬᠠᠮᠤᠭ ᠬᠠᠯᠠᠭᠤᠮᠰᠤᠭ ᠦᠢᠯᠡᠴᠢᠯᠡᠭᠡ ᠪᠠᠷ ᠢᠶᠡᠨ ᠵᠤᠭᠠᠴᠠᠭᠰᠠᠳ  ᠲᠤ ᠪᠠᠨ ᠬᠦᠨ ᠰᠠᠭᠤᠭᠳᠠᠯ ᠦᠯᠡᠳᠡᠭᠡᠨ᠎ᠡ》 ᠬᠡᠵᠦ ᠢᠳᠡᠭᠡᠯ ᠳᠦᠬᠦᠷᠠᠩ ᠶᠠᠷᠢᠵᠦ ᠪᠠᠶᠢᠯ᠎ᠠ ᠃
       ᠮᠸᠩ ᠵᠢᠶᠠ ᠳ᠋ᠤᠸᠠᠨ ᠳᠤᠰᠬᠤᠨ ᠤ ᠤᠷᠴᠢᠨ ᠳᠤᠭᠤᠷᠢᠨ ᠤᠯᠠᠮ ᠶᠠᠪᠤᠬᠤ ᠳᠤᠳᠤᠮ ᠤᠯᠠᠮ ᠭᠤᠶᠤ ᠪᠤᠯᠵᠦ ᠪᠠᠶᠢᠨ᠎ᠠ ᠃ 2018 ᠤᠨ ᠤ ᠳᠤᠮᠳᠠᠳᠤ ᠤᠯᠤᠰ ᠤᠨ ᠦᠵᠠᠰᠬᠦᠯᠡᠩᠳᠤ ᠰᠠᠶᠢᠬᠠᠨ ᠰᠠᠯᠡᠬᠦᠴᠡᠯ ᠬᠦᠳᠡᠭᠡ ᠳᠤᠰᠬᠤᠨ ᠤ ᠨᠢᠭᠡ ᠪᠠᠷ ᠴᠤᠯᠠᠯᠠᠭᠳᠠᠭᠰᠠᠨ ‍ᠢ ᠳᠤᠰᠬᠤᠨ ᠤ ᠠᠷᠠᠳ ᠤᠯᠠᠨ ᠳᠤᠭᠤᠯᠳᠠᠭᠠᠳ ᠂  ᠶᠠᠭ ᠯᠠ ᠦᠪᠠᠷᠰᠡᠳ ᠤᠨ ᠢᠶᠡᠨ ᠬᠠᠮᠤᠭ ᠤᠨ ᠰᠠᠶᠢᠬᠠᠨ ᠬᠦᠰᠡᠯ ᠵᠡᠬᠦᠳᠤ ᠪᠠᠨ ᠳᠡᠷᠭᠡᠯᠰᠢᠬᠦᠯᠦᠭᠰᠡᠨ ᠮᠠᠳᠤ ᠮᠠᠩᠨᠠᠢ ᠳᠠᠨᠡᠶᠢᠨ ᠪᠠᠶᠠᠷᠯᠡᠵᠦ ᠂  ᠮᠠᠰᠢ ᠰᠠᠶᠢᠬᠠᠨ ᠬᠦᠬᠡᠷᠤᠯᠳᠤᠨ᠎ᠠ  ᠃   ( ᠪᠤᠤ ᠵᠢᠨ ᠯᠢᠶᠠᠨ  )ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ

ᠬᠠᠮᠢᠶ᠎ᠡ ᠪᠦᠬᠦᠢ ᠰᠣᠨᠢᠨ