ᠠᠷᠠᠳ ᠢᠶᠡᠨ ᠪᠣᠳᠤᠨ ᠠᠰᠢᠳᠠ ᠵᠢᠦᠨᠬᠦᠳᠡᠭ ᠰᠠᠶᠢᠨ ᠱᠦᠵᠢ-- ᠪᠠᠳᠦ

ᠣᠩᠰᠢᠭᠰᠠᠨ ᠤᠳᠠᠭ᠎ᠠ ᠄ 7312     ᠨᠡᠶᠢᠳᠡᠯᠡᠭᠰᠡᠨ ᠴᠠᠭ ᠄ 2018/10/17 9:27:36

      ᠪᠠᠳᠦ ᠭᠤᠸᠠᠢ ᠪᠣᠯ ᠲᠥᠩᠯᠢᠶᠣᠤ ᠬᠣᠲᠠ ᠶ᠋ᠢᠨ ᠬᠥᠭᠵᠢᠭᠦᠯᠦᠯᠲᠡ ᠥᠭᠡᠷᠡᠴᠢᠯᠡᠯᠲᠡ ᠶ᠋ᠢᠨ ᠵᠥᠪᠯᠡᠯ ᠦᠨ ᠲᠠᠷᠢᠶᠠᠯᠠᠩ ᠠᠵᠤ ᠠᠬᠤᠢ ᠶ᠋ᠢᠨ ᠰᠠᠯᠠᠭᠠᠨ ᠤ ᠳᠠᠷᠤᠭ᠎ᠠ ᠂ ᠨᠠᠢᠮᠠᠨ ᠬᠤᠰᠢᠭᠤᠨ ᠤ ᠳᠡᠳ᠋ ᠬᠤᠰᠢᠭᠤᠨ ᠳᠠᠷᠤᠭ᠎ᠠ ᠶ᠋ᠢᠨ ᠲᠤᠰᠢᠶᠠᠯ ᠢ ᠬᠠᠪᠰᠤᠷᠭᠠᠨ ᠂ ᠳ᠋ᠦᠩᠮᠢᠩ ᠪᠠᠯᠭᠠᠰᠤᠨ ᠤ ᠳᠠᠮᠠᠬᠢᠨ ᠲᠥᠩ ᠲᠣᠰᠬᠤᠨ ᠳ᠋ᠤ ᠰᠠᠭᠤᠭ᠎ᠠ ᠣᠨᠣᠪᠴᠢᠲᠠᠢ ᠪᠠᠷ ᠶᠠᠳᠠᠭᠤ ᠶ᠋ᠢ ᠳᠡᠦᠨᠬᠦᠬᠦ ᠨᠢᠭᠡᠳᠦᠭᠡᠷ ᠱᠦᠵᠢ  ᠪᠠᠶᠢᠭ᠎ᠠ ᠃ ᠡᠨᠡ ᠵᠢᠯ ᠦᠨ 4 ᠰᠠᠷ᠎ᠠ ᠳ᠋ᠤ 299 ᠶᠠᠳᠠᠭᠤ ᠡᠷᠦᠬᠡ ᠲᠠᠢ ᠨᠠᠢᠮᠠᠨ ᠬᠤᠰᠢᠭᠤᠨ ᠤ ᠨᠡᠷᠡᠲᠦ ᠶᠠᠳᠠᠭᠤ ᠲᠣᠰᠬᠤᠨ ᠪᠣᠯᠬᠤ ᠳᠠᠮᠠᠬᠢᠨ ᠲᠥᠩ ᠢ ᠳᠠᠭᠠᠭᠠᠴᠢᠯᠠᠨ ᠠᠪᠴᠠᠢ ᠃ ᠪᠠᠳᠦ ᠭᠤᠸᠠᠢ ᠲᠣᠰᠬᠤᠨ ᠳ᠋ᠤ ᠬᠦᠷᠦᠮᠡᠭᠴᠡ ᠲᠣᠰᠬᠤᠨ ᠤ ᠠᠷᠠᠳ ᠵᠢᠶᠠᠩ ᠪᠥᠸᠸ ᠦᠨ ᠰᠤᠯᠠ ᠭᠡᠷ ᠲᠦ ᠰᠠᠭᠤᠨ ᠡᠭᠦᠳᠡᠨ ᠳᠡᠭᠡᠷ᠎ᠡ ᠪᠡᠨ ︿ ︿ ᠳ᠋ᠦᠩᠮᠢᠩ ᠪᠠᠯᠭᠠᠰᠤᠨ ᠤ ᠳᠠᠮᠠᠭᠢᠨ ᠲᠥᠩ ᠲᠣᠰᠬᠤᠨ ᠤ ᠶᠠᠳᠠᠭᠤ ᠶ᠋ᠢ ᠳᠡᠦᠨᠬᠦᠨ ᠪᠣᠭᠤᠮᠲᠠ ᠰᠢᠪᠳᠤᠯᠬᠤ ᠠᠯᠪᠠᠨ ᠭᠡᠷ ᠦᠨ ᠰᠠᠭᠤᠭ᠎ᠠ ᠭᠠᠵᠠᠷ ﹀ ﹀ ᠭᠡᠰᠡᠨ ᠢᠯᠡ ᠫᠠᠶᠢᠰᠠ ᠡᠯᠭᠦᠨ ᠂ ᠡᠳᠥᠷ ᠦᠨ ᠭᠤᠷᠪᠠᠨ ᠡᠷᠢᠨ ᠦ ᠬᠣᠭᠣᠯᠠ ᠪᠤᠳᠠᠭ᠎ᠠ ᠪᠠᠨ ᠥᠪᠡᠰᠦᠪᠡᠨ ᠪᠡᠯᠡᠦᠨᠬᠡᠨ ᠡᠨᠳᠡᠬᠢ ᠠᠵᠢᠯ ᠠᠮᠢᠳᠤᠷᠠᠯ ᠢᠶᠡᠨ ᠠᠵᠠᠲᠠᠢ ᠡᠬᠢᠯᠡᠭᠦᠯᠵᠡᠢ ᠃
      ᠤᠶᠢᠷ᠎ᠠ ᠶ᠋ᠢᠨ ᠵᠢᠯ ᠳ᠋ᠤ ᠂ ᠲᠣᠰ ᠲᠣᠰᠬᠤᠨ ᠲᠠᠷᠢᠶᠠᠯᠠᠩ ᠢ ᠴᠢᠬᠤᠯᠠᠴᠢᠯᠠᠨ ᠠᠲᠠᠷ ᠬᠠᠭᠠᠯᠪᠤᠷᠢᠯᠠᠨ ᠲᠠᠷᠢᠶᠠᠨ ᠭᠠᠵᠠᠷ ᠢ 8000 ᠮᠦ ᠨᠡᠮᠡᠭᠳᠡᠭᠦᠯᠦᠨ ᠠᠮᠢ ᠠᠬᠤᠢ ᠣᠷᠴᠢᠨ ᠲᠣᠭᠤᠷᠢᠨ ᠢ ᠬᠥᠨᠳᠦ ᠰᠦᠷᠡᠬᠡᠢ ᠡᠪᠳᠡᠨ ᠬᠡᠰᠡᠭ ᠭᠠᠵᠠᠷ ᠢ ᠡᠯᠡᠰᠦᠷᠬᠡᠭᠵᠢᠬᠦ ᠪᠠᠶᠢᠳᠠᠯ ᠳ᠋ᠤ ᠣᠷᠤᠭᠤᠯᠪᠠ ᠃ ᠡᠭᠦᠨ ᠢ ᠤᠶᠢᠯᠠᠭᠠᠨ ᠮᠡᠳᠡᠭᠰᠡᠨ ᠪᠠᠳᠦ ᠱᠦᠵᠢ ᠲᠣᠰᠬᠤᠨ ᠤ ︿ ︿ ᠬᠣᠶᠠᠷ ᠪᠠᠭ ﹀ ﹀ ᠲᠠᠢ ᠵᠥᠪᠳᠡᠯᠴᠡᠨ ᠂ ᠡᠷᠦᠬᠡ ᠳᠠᠷᠠᠭᠠᠯᠠᠨ ᠲᠣᠭᠤᠷᠢᠵᠤ ᠠᠷᠠᠳ ᠤᠨ ᠰᠡᠦᠨᠬᠢᠯ ᠢ ᠤᠶᠢᠯᠠᠭᠠᠵᠤ ᠂ ᠠᠵᠤ ᠠᠬᠤᠢ ᠶ᠋ᠢᠨ ᠣᠢ ᠶ᠋ᠢ ᠬᠥᠭᠵᠢᠭᠦᠯᠬᠦ ᠪᠠ ᠲᠠᠷᠢᠮᠠᠯ ᠤᠨ ᠣᠯᠠᠨ ᠡᠰᠢᠴᠢᠯᠡᠭᠰᠡᠨ ᠬᠥᠭᠵᠢᠯᠲᠡ ᠶ᠋ᠢᠨ ᠵᠠᠮ ᠢ ᠰᠤᠩᠭᠤᠨ ᠂ ᠡᠨᠡ ᠬᠠᠪᠤᠷ ᠬᠠᠪᠲᠠᠭᠠᠢ ᠭᠦᠢᠯᠡᠰᠦ ᠂ ᠠᠭᠠᠯᠢᠭ ᠠᠯᠢᠮ᠎ᠠ ᠂ ᠦᠵᠦᠮ ᠮᠡᠳᠥ ᠶ᠋ᠢᠨ ᠵᠢᠮᠢᠰ ᠦᠨ ᠮᠣᠳᠣ ᠶ᠋ᠢ 4000 ᠮᠦ ᠲᠠᠷᠢᠵᠠᠢ ᠃ ᠡᠳᠡᠭᠡᠷ ᠮᠣᠳᠣᠳ ᠤᠨ ᠡᠳᠡᠭᠡᠷᠡᠯᠲᠡ ᠶ᠋ᠢᠨ ᠨᠣᠷᠮ᠎ᠠ ᠦᠨᠳᠦᠷ ᠪᠠᠶᠢᠵᠤ ᠭᠤᠷᠪᠠᠨ ᠵᠢᠯ ᠦᠨ ᠳᠠᠷᠠᠭ᠎ᠠ ᠡᠯᠪᠡᠭ ᠬᠤᠷᠢᠶᠠᠯᠲᠠ ᠣᠯᠵᠤ  ᠣᠷᠤᠯᠭ᠎ᠠ ᠲᠠᠢ ᠪᠣᠯᠵᠤ ᠠᠰᠢᠭ ᠬᠥᠷᠲᠡᠬᠦ ᠪᠣᠯᠤᠨ᠎ᠠ ᠃
      ᠲᠣᠰᠬᠤᠨ ᠤ ᠠᠷᠠᠳ ᠵᠠᠩ ᠢ ᠱᠦᠨ ᠡᠷ᠎ᠡ ᠡᠮ᠎ᠡ ᠬᠣᠶᠠᠭᠤᠯᠠ ᠴᠦᠮ ᠵᠡᠮᠳᠡᠭ ᠪᠠᠶᠢᠵᠤ ᠂ ᠶᠠᠪᠤᠵᠤ ᠰᠠᠭᠤᠬᠤ ᠳ᠋ᠤ ᠲᠥᠭᠦᠮ ᠦᠭᠡᠢ ᠪᠠᠶᠢᠪᠠ ᠃ ᠪᠠᠳᠦ ᠱᠦᠵᠢ ᠮᠡᠳᠡᠭᠰᠡᠨ ᠦ ᠰᠡᠭᠦᠯᠡᠷ ᠬᠠᠷᠮᠠᠨ ᠤ ᠵᠣᠭᠤᠰ ᠢᠶᠡᠨ ᠬᠠᠷᠠᠮ ᠦᠭᠡᠢ ᠠᠭᠤᠳᠠᠯᠯᠠᠨ ᠨᠢᠭᠡᠨ ᠬᠦᠷᠳᠡᠳᠦ ᠰᠠᠨᠳᠠᠯᠢ ᠠᠪᠴᠤ ᠥᠭᠴᠡᠢ ᠃ ᠡᠭᠦᠨ ᠳ᠋ᠦ ᠵᠠᠩ ᠢ ᠱᠦᠨ ᠡᠷ᠎ᠡ ᠡᠮ᠎ᠡ ᠬᠣᠶᠠᠭᠤᠯᠠ ᠬᠦᠮᠦᠨ ᠠᠭᠤᠯᠵᠠᠪᠠᠯ ᠳᠠᠷᠤᠢ ︿ ︿ ᠪᠠᠳᠦ ᠱᠦᠵᠢ ᠰᠠᠶᠢᠨ ᠬᠦᠮᠦᠨ ᠂ ᠪᠢᠳᠠ ᠬᠡᠷᠬᠢᠨ ᠲᠠᠯᠠᠷᠬᠠᠬᠤ ᠪᠠᠨ ᠣᠯᠬᠤ ᠦᠭᠡᠢ ᠪᠠᠶᠢᠨ᠎ᠠ ﹀ ﹀ ᠭᠡᠵᠤ ᠶᠠᠷᠢᠨ᠎ᠠ ᠪᠢᠯᠡ ᠃ ᠵᠠᠩ ᠵᠠᠨ ᠭᠠᠩ ᠪᠣᠯ ᠲᠣᠰᠬᠤᠨ ᠤ ᠨᠡᠷᠡᠲᠦ ᠣᠨᠴᠠ ᠶᠠᠳᠠᠭᠤ ᠡᠷᠦᠬᠡ ᠂ ᠬᠣᠶᠠᠷ ᠨᠠᠰᠤᠲᠠᠨ ᠨᠢ ᠪᠡᠶ᠎ᠡ ᠪᠠᠭᠤᠷᠠᠢ ᠡᠪᠡᠦᠨᠴᠢᠨ ᠲᠠᠢ ᠭᠣᠷᠪᠠᠨ ᠬᠡᠦᠬᠡᠳ ᠨᠢ ᠰᠤᠷᠤᠬᠴᠢ ᠂ ᠡᠬᠡᠨᠡᠷ ᠨᠢ ᠬᠥᠨᠳᠦ ᠡᠪᠡᠦᠨᠴᠢᠨ ᠲᠠᠢ ᠃ ᠪᠠᠳᠦ ᠱᠦᠵᠢ ᠪᠠᠭ ᠤᠨ ᠬᠣᠷᠠᠯ ᠬᠢᠵᠦ ᠵᠠᠩ ᠵᠠᠨ ᠭᠠᠩ ᠳ᠋ᠤ ᠳᠣᠰᠬᠤᠨ ᠤ ᠣᠢ ᠰᠢᠭᠤᠢ ᠶ᠋ᠢᠨ ᠬᠠᠮᠠᠭᠠᠯᠠᠬᠴᠢ ᠶ᠋ᠢᠨ ᠠᠵᠢᠯ ᠲᠣᠬᠢᠷᠠᠭᠤᠯᠵᠤ ᠂ ᠵᠢᠯ ᠳ᠋ᠦ ᠲᠦᠮᠡᠨ ᠲᠥᠭᠦᠷᠢᠭ ᠦᠨ ᠴᠠᠯᠢᠩ  ᠣᠯᠭᠤᠬᠣ ᠶ᠋ᠢᠨ ᠬᠠᠮᠳᠤ ᠬᠦᠮᠦᠨ ᠪᠦᠷᠢ ᠳ᠋ᠦ 2 ᠬᠣᠨᠢ ᠬᠣᠪᠢᠶᠠᠨ ᠥᠭᠴᠡᠢ ᠃ ᠵᠠᠩ ᠣᠪᠣᠬᠲᠠᠨ ︿ ︿ ᠪᠢ ᠲᠣᠰᠬᠤᠨ ᠤ ᠣᠢ ᠮᠣᠳᠣ ᠶ᠋ᠢ ᠰᠠᠶᠢᠳᠤᠷ ᠬᠠᠮᠠᠭᠠᠯᠠᠨ ᠪᠠᠳᠦ ᠱᠦᠵᠢ ᠪᠣᠯᠣᠨ ᠣᠯᠠᠨ ᠲᠦᠮᠡᠨ ᠦ ᠬᠦᠰᠡᠯ ᠨᠠᠶᠢᠳᠠᠯᠭ᠎ᠠ ᠶ᠋ᠢ ᠶᠠᠭᠠᠬᠢᠬᠰᠠᠨ ᠴᠤ ᠬᠦᠰᠡᠷᠳᠡᠭᠦᠯᠬᠦ ᠦᠭᠡᠢ ﹀ ﹀ ᠭᠡᠵᠦ ᠣᠮᠣᠬᠲᠠᠶᠢᠬᠠᠨ ᠬᠡᠯᠡᠨ᠎ᠡ ᠪᠢᠯᠡ ᠃
      ᠪᠠᠳᠦ ᠱᠦᠵᠢ ᠲᠣᠰᠬᠤᠨ ᠳ᠋ᠤ ᠣᠷᠤᠬᠤᠶ᠎ᠠ ᠲᠣᠰᠬᠤᠨ ᠤ ᠬᠠᠮᠳᠤ ᠶ᠋ᠢᠨ ᠠᠵᠤ ᠠᠬᠤᠢ ᠶ᠋ᠢᠨ ᠣᠷᠤᠯᠭ᠎ᠠ ᠭᠡᠵᠦ ᠨᠢᠭᠡ ᠮᠥᠩᠭᠥ ᠴᠤ ᠦᠭᠡᠢ ᠪᠠᠶᠢᠯ᠎ᠠ ᠃ ᠲᠡᠷᠡ ᠮᠡᠳᠡᠭᠰᠡᠨ ᠦ ᠳᠠᠷᠠᠭ᠎ᠠ ᠂ ᠲᠡᠭᠦᠨ ᠦ ᠬᠣᠯᠪᠤᠭᠠᠯᠠᠨ ᠳᠠᠭᠠᠭᠠᠴᠢᠯᠠᠬᠰᠠᠨ ᠠᠵᠤ ᠠᠬᠤᠶᠢᠯᠠᠯ ᠥᠪᠥᠷ ᠮᠤᠩᠭᠤᠯ ᠤᠨ ᠵᠠᠭᠤᠨ ᠵᠢᠯ ᠦᠨ ᠠᠷᠢᠬᠢᠨ ᠤ ᠤᠶᠢᠯᠡᠰ ᠤᠨ ᠬᠢᠵᠠᠭᠠᠷᠲᠤ ᠺᠣᠮᠫᠠᠨᠢ ᠲᠠᠢ ᠬᠠᠷᠢᠯᠴᠠᠨ 10.5 ᠲᠦᠮᠡᠨ ᠲᠥᠭᠦᠷᠢᠭ  ᠵᠣᠬᠢᠴᠠᠭᠤᠯᠤᠨ7 ᠰᠠᠭᠠᠯᠢ ᠶ᠋ᠢᠨ ᠦᠨᠢᠶ᠎ᠡ ᠬᠣᠳᠠᠯᠳᠤᠨ ᠠᠪᠴᠤ ᠂ ᠲᠤᠬᠠᠢ ᠶ᠋ᠢᠨ ᠭᠠᠵᠠᠷ ᠤᠨ ᠰᠠᠨ ᠨᠢᠦ ᠪᠸᠨ ᠲᠠᠢ ᠺᠣᠮᠫᠠᠨᠢ ᠲᠠᠢ ᠬᠤᠪᠢ ᠣᠷᠤᠬᠤ ᠵᠥᠪᠳᠡᠯᠴᠡᠭᠡᠷ ᠳᠣᠬᠲᠠᠵᠤ ᠂ ᠲᠣᠰᠬᠤᠨ ᠤ ᠵᠥᠪᠯᠡᠯ ᠵᠢᠯ ᠳ᠋ᠦ 9800 ᠲᠥᠭᠦᠷᠢᠭ ᠦᠨ ᠠᠰᠢᠭ ᠬᠦᠷᠲᠡᠨ ᠬᠠᠮᠳᠤ ᠶ᠋ᠢᠨ ᠠᠵᠤ ᠠᠬᠤᠢ ᠶ᠋ᠢᠨ ᠣᠷᠤᠯᠭ᠎ᠠ ᠲᠠᠢ  ᠪᠣᠯᠬᠤ ᠠᠩᠬᠠᠨ ᠤ ᠠᠯᠬᠤᠮ ᠢᠶᠡᠨ ᠡᠬᠢᠯᠡᠭᠦᠯᠵᠡᠢ ᠃ ᠲᠣᠰᠬᠤᠨ ᠤ ᠲᠥᠭᠡᠭᠡᠯ ᠤᠰᠤᠨ ᠤ ᠬᠣᠭᠤᠯᠠᠢ ᠡᠪᠳᠡᠷᠡᠭᠰᠡᠨ ᠳ᠋ᠦ ᠪᠠᠳᠦ ᠭᠤᠸᠠᠢ ᠪᠠᠶᠢᠭᠤᠯᠤᠯᠭ᠎ᠠ ᠲᠠᠢ ᠪᠠᠨ ᠵᠥᠪᠳᠡᠯᠴᠡᠨ 320 ᠲᠦᠮᠡᠨ ᠲᠥᠭᠦᠷᠢᠭ ᠵᠣᠬᠢᠴᠠᠭᠤᠯᠵᠤ ᠂ ᠪᠦᠬᠦᠶᠢᠯᠡ ᠬᠣᠭᠤᠯᠠᠢ ᠶ᠋ᠢ ᠰᠢᠨᠡᠦᠨᠬᠡᠨ ᠂ ᠪᠦᠬᠦ ᠲᠣᠰᠬᠤᠨ ᠤ 524 ᠡᠷᠦᠬᠡ ᠲᠣᠰᠬᠤᠨ ᠤ ᠠᠷᠠᠳ ᠬᠠᠭᠠᠰ ᠰᠠᠷ᠎ᠠ ᠶ᠋ᠢᠨ ᠳᠣᠳᠤᠷ᠎ᠠ ᠠᠮᠤᠷ ᠲᠥᠪᠰᠢᠨ ᠰᠠᠶᠢᠬᠠᠨ ᠤᠰᠤ ᠢᠳᠡᠬᠦ ᠪᠣᠯᠭᠠᠵᠠᠢ ᠃ ᠲᠡᠷᠡ ᠪᠠᠰᠠ ᠲᠣᠰᠬᠤᠨ ᠤ ᠬᠣᠭ ᠨᠣᠪᠰᠢ ᠶ᠋ᠢ ᠴᠡᠪᠡᠷᠯᠡᠬᠦ ᠬᠣᠭ ᠤᠨ ᠬᠦᠷᠢᠶ᠎ᠡ ᠪᠠᠶᠢᠭᠤᠯᠵᠤ ᠬᠣᠭ ᠲᠡᠭᠡᠭᠡᠬᠦ ᠲᠡᠷᠭᠡ ᠨᠢᠭᠡ ᠬᠣᠳᠠᠯᠳᠤᠨ ᠠᠪᠴᠤ ᠂ ᠲᠣᠰᠬᠤᠨ ᠤ ᠳᠣᠮᠳᠠ ᠬᠣᠭ ᠤᠨ ᠰᠠᠪᠠ ᠲᠣᠬᠢᠷᠠᠭᠤᠯᠤᠨ ᠂ ᠲᠣᠰᠬᠤᠨ ᠤ ᠳᠣᠮᠳᠠᠬᠢ ᠴᠡᠪᠡᠷ ᠠᠷᠢᠭᠤᠨ ᠢ ᠪᠠᠳᠤᠯᠠᠵᠠᠢ ᠃ ᠲᠣᠰᠬᠤᠨ ᠤ ᠳᠣᠮᠳᠠᠬᠢ ᠵᠡᠭᠡᠯᠢ ᠭᠣᠳᠤᠮᠵᠢ ᠳ᠋ᠤ ᠴᠦᠮ ᠨᠠᠷᠠᠨ ᠡᠨ᠋ᠸᠷᠭᠢ ᠶ᠋ᠢᠨ ᠵᠠᠮ ᠤᠨ ᠳ᠋ᠸᠩ ᠲᠠᠢ ᠪᠣᠯᠭᠠᠪᠠ ᠃
      ᠲᠣᠰᠬᠤᠨ ᠤ ︿ ︿ ᠶᠦᠨ ᠹᠸᠢ ᠬᠡᠦᠬᠡᠳ ᠦᠨ ᠴᠡᠴᠡᠷᠯᠢᠭ ﹀ ﹀ ᠪᠣᠯ ᠲᠣᠰ ᠲᠣᠰᠬᠤᠨ ᠤ ᠤᠶᠤᠲᠠᠨ ᠸᠠᠩ ᠶᠦᠨ ᠹᠸᠢ ᠶ᠋ᠢᠨ ᠬᠤᠪᠢ ᠪᠠᠷ ᠢᠶᠡᠨ ᠵᠠᠭᠤ ᠭᠠᠷᠤᠢ ᠲᠦᠮᠡᠨ ᠲᠥᠭᠦᠷᠢᠭ ᠦᠨ ᠪᠡᠯᠡ ᠣᠷᠤᠭᠤᠯᠤᠨ ᠡᠭᠦᠳᠦᠨ ᠪᠠᠶᠢᠭᠤᠯᠤᠬᠰᠠᠨ ᠲᠥᠭᠡᠮᠡᠯ ᠬᠠᠷᠠᠭᠠᠯᠵᠠᠯ ᠤᠨ ᠴᠢᠨᠠᠷᠲᠠᠢ ᠬᠡᠦᠬᠡᠳ ᠦᠨ ᠴᠡᠴᠡᠷᠯᠢᠭ ᠪᠣᠯᠤᠨ᠎ᠠ ᠃ ᠡᠨᠡ ᠨᠢ ᠲᠣᠰᠬᠤᠨ ᠤ ᠤᠶᠢᠷ᠎ᠠ ᠬᠠᠪᠢ ᠶ᠋ᠢᠨ ᠬᠡᠦᠬᠡᠳ ᠦᠨ ᠴᠡᠴᠡᠷᠯᠢᠭ ᠲᠦ ᠣᠷᠣᠵᠤ ᠬᠦᠮᠦᠵᠢᠯ ᠬᠦᠷᠲᠡᠬᠦ ᠳ᠋ᠦ ᠳᠥᠭᠦᠮ ᠪᠠᠶᠢᠵᠤ 2015 ᠣᠨ ᠳ᠋ᠤ ᠴᠡᠴᠡᠷᠯᠢᠭ ᠨᠢ ᠨᠢᠭᠡᠨ ᠲᠡᠷᠭᠡ ᠬᠤᠳᠠᠯᠳᠤᠨ ᠠᠪᠴᠤ ᠵᠦᠢᠯ ᠵᠦᠢᠯ ᠦᠨ ᠰᠢᠯᠲᠠᠭ ᠢᠶᠠᠷ ᠶᠡᠷᠦᠨᠢ ᠫᠠᠶᠢᠰᠠ ᠲᠡᠮᠳᠡᠭ ᠣᠯᠤᠭᠠᠳᠤᠢ ᠪᠠᠶᠢᠪᠠ ᠃ ᠡᠨᠡ ᠵᠢᠯ ᠦᠨ 8 ᠰᠠᠷ᠎ᠠ ᠳ᠋ᠤ ᠪᠠᠳᠦ ᠱᠦᠵᠢ ᠣᠯᠵᠤ ᠮᠡᠳᠡᠭᠰᠡᠨ ᠦ ᠳᠠᠷᠠᠭ᠎ᠠ ᠂ ᠲᠡᠷᠡ ᠳᠠᠷᠤᠢ ᠬᠠᠮᠢᠶ᠎ᠠ ᠪᠦᠬᠦᠢ ᠰᠠᠯᠠᠭ᠎ᠠ ᠮᠦᠴᠢᠷ ᠲᠠᠢ  ᠬᠠᠷᠢᠯᠴᠠᠨ ᠂ ᠴᠡᠴᠡᠷᠯᠢᠭ ᠦᠨ ᠲᠡᠷᠭᠡᠨ ᠳ᠋ᠦ ᠫᠠᠶᠢᠰᠠ ᠲᠡᠮᠳᠡᠭ ᠪᠦᠷᠢᠨ ᠣᠯᠭᠤᠵᠤ ᠂ 3 ᠵᠢᠯ ᠬᠡᠷᠡᠭᠯᠡᠵᠦ ᠴᠢᠳᠠᠬᠰᠠᠨ ᠦᠭᠡᠢ ᠮᠠᠰᠢᠨ ᠲᠡᠷᠭᠡ ᠬᠡᠦᠬᠡᠳ ᠢᠶ᠋ᠡᠨ ᠲᠡᠭᠡᠭᠡᠵᠦ ᠪᠠᠶᠠᠷᠲᠠᠶᠢᠬᠠᠨ ᠵᠠᠮ ᠳ᠋ᠠᠭᠠᠨ ᠣᠷᠤᠵᠤ ᠨᠠᠰᠢ ᠴᠠᠰᠢ ᠭᠦᠶᠦᠬᠦ ᠪᠣᠯᠵᠠᠢ ᠃ ᠴᠡᠴᠡᠷᠯᠢᠭ ᠦᠨ 100 ᠭᠠᠷᠤᠢ ᠬᠡᠦᠬᠡᠳ ᠦᠨ ᠬᠢᠴᠢᠶᠡᠯ ᠦᠨ ᠭᠠᠳᠠᠨᠠᠬᠢ ᠤᠩᠰᠢᠭᠤ ᠨᠣᠮ ᠳᠤᠲᠠᠮᠠᠭ ᠢ ᠮᠡᠳᠡᠵᠦ ᠪᠠᠳᠦ ᠱᠦᠵᠢ ᠲᠥᠩᠯᠢᠶᠣᠤ ᠬᠣᠲᠠ ᠶ᠋ᠢᠨ ᠹᠸᠩ ᠬᠤᠸᠠ ᠨᠣᠮ ᠤᠨ ᠬᠢᠵᠠᠭᠠᠷᠲᠤ ᠺᠣᠮᠫᠠᠨᠢ ᠲᠠᠢ ᠬᠠᠷᠢᠯᠴᠠᠨ ᠲᠣᠰ ᠬᠡᠦᠬᠡᠳ ᠦᠨ ᠴᠡᠴᠡᠷᠯᠢᠭ ᠲᠦ ᠲᠦᠮᠡ ᠭᠠᠷᠤᠢ ᠲᠥᠭᠦᠷᠢᠭ ᠦᠨ ᠨᠣᠮ ᠬᠦᠷᠭᠡᠯᠭᠡᠵᠡᠢ ᠃
ᠣᠳᠣᠬᠠᠨ ᠪᠣᠯᠬᠤ ᠳ᠋ᠤ ᠂ ᠲᠣᠰ ᠲᠣᠰᠬᠤᠨ ᠤ ᠶᠠᠳᠠᠭᠤ ᠡᠷᠦᠬᠡ ᠬᠠᠮᠤᠭ ᠰᠡᠭᠦᠯ ᠦᠨ 10 ᠡᠷᠦᠬᠡ ᠪᠣᠯᠵᠤ ᠂ ᠣᠬᠤᠷᠬᠠᠨ ᠬᠣᠭᠣᠴᠠᠭᠠᠨ ᠳ᠋ᠤ ᠶᠠᠳᠠᠭᠤ ᠡᠴᠠ ᠠᠩᠭᠢᠵᠢᠷᠠᠬᠰᠠᠨ ᠨᠣᠷᠮ᠎ᠠ ᠲᠤᠩ ᠥᠨᠳᠦᠷ ᠪᠠᠶᠢᠵᠤ ᠂ ᠲᠣᠰᠬᠤᠨ ᠤ ᠠᠷᠠᠳ  ︿ ︿ ᠠᠷᠠᠳ ᠢᠶᠡᠨ ᠪᠣᠳᠤᠨ ᠠᠰᠢᠳᠠ ᠵᠢᠦᠨᠬᠦᠳᠡᠭ ᠰᠠᠶᠢᠨ ᠱᠦᠵᠢ ﹀ ﹀ ᠭᠡᠵᠦ ᠪᠠᠳᠦ ᠭᠤᠸᠠᠢ ᠶ᠋ᠢ ᠪᠠᠬᠠᠳᠤᠨ ᠮᠠᠬᠲᠠᠵᠤ ᠠᠮᠠ ᠠᠮᠠᠨ ᠳ᠋ᠠᠭᠠᠨ ᠶᠠᠷᠢᠵᠠᠭᠠᠨ ᠪᠢᠯᠡ ᠃
       ︿ ︿ ᠳᠠᠷᠠᠭ᠎ᠠ ᠵᠢᠯ ᠶᠠᠳᠠᠭᠤ ᠶ᠋ᠢ ᠳᠡᠦᠨᠬᠦᠬᠦ ᠲᠥᠯᠦᠪᠯᠡᠭᠡ ᠪᠡᠨ ᠨᠡᠩ ᠨᠠᠷᠢᠯᠢᠭ ᠳᠣᠬᠲᠠᠭᠠᠵᠤ ᠡᠨᠡ ᠬᠦ 10 ᠡᠷᠦᠬᠡ ᠶ᠋ᠢ ᠳᠠᠷᠤᠢ ᠲᠥᠷᠭᠡᠨ ᠶᠠᠳᠠᠭᠤ ᠡᠴᠠ ᠠᠩᠭᠢᠵᠢᠷᠠᠭᠤᠯᠤᠨ ᠨᠢᠭᠡ ᠬᠦᠮᠦᠨ ᠢ ᠴᠤ ᠦᠯᠡᠳᠡᠭᠡᠬᠦ ᠦᠭᠡᠢ ﹀ ﹀ ᠭᠡᠵᠦ ᠪᠠᠳᠦ ᠱᠦᠵᠢ ᠪᠠᠷᠳᠠᠮ ᠶᠠᠷᠢᠵᠤ ᠪᠠᠶᠠᠷ ᠤᠨ ᠮᠠᠩᠨᠠᠢ ᠲᠡᠨᠢᠢᠯᠭᠡᠨ᠎ᠡ ᠃
                                                                    ᠯᠢ ᠪᠤᠶᠠᠨᠴᠤᠬᠯᠠ
ᠢᠷᠡᠯᠳᠡ᠄ ᠨᠠᠶᠢᠷᠠᠭᠤᠯᠤᠭᠴᠢ᠄ ᠳᠤᠯᠠᠭᠠᠨ