ᠨᠠᠢᠮᠠᠨ ᠬᠣᠰᠢᠭᠣ 《 4321 》 ᠠᠵᠢᠯᠯᠠᠬᠣ ᠠᠷᠭ᠎ᠠ ᠶ᠋ᠢᠨ ᠵᠠᠭᠪᠣᠷ ‍ᠢ ᠰᠦᠪᠡᠭᠴᠢᠯᠡᠵᠣ ᠲᠣᠰᠬᠣᠨ ᠳ᠋ᠤ ᠰᠠᠭᠣᠭ᠎ᠠ ᠠᠵᠢᠯᠯᠠᠬᠣ ᠠᠡᠭᠬᠢ ᠶ᠋ᠢᠨ ᠬᠠᠮᠢᠶᠠᠷᠣᠯᠳᠡ ᠶ᠋ᠢ ᠴᠢᠡᠭᠭᠠᠳᠬᠠᠵᠣ ᠪᠦᠳᠣᠮᠵᠢ ᠭᠠᠷᠭᠠᠨ᠎ᠠ

ᠣᠩᠰᠢᠭᠰᠠᠨ ᠤᠳᠠᠭ᠎ᠠ ᠄ 32818     ᠨᠡᠶᠢᠳᠡᠯᠡᠭᠰᠡᠨ ᠴᠠᠭ ᠄ 2018/10/14 11:43:26

      ᠨᠠᠢᠮᠠᠨ ᠬᠣᠰᠢᠭᠣ ᠣᠨᠣᠪᠴᠢᠳᠡᠢ ᠪᠡᠷ ᠶᠠᠳᠠᠭᠣ ᠶ᠋ᠢ ᠲᠡᠳᠬᠦᠬᠦ ᠰᠢᠪᠳᠣᠯᠣᠯᠳᠡ ᠳ᠋ᠤ ᠂ ᠲᠣᠰᠬᠣᠨ ᠳ᠋ᠤ ᠰᠠᠭᠣᠭ᠎ᠠ ᠠᠵᠢᠯᠯᠠᠬᠣ ᠠᠡᠭᠬᠢ ᠶ᠋ᠢᠨ ᠢᠳᠡᠪᠬᠢᠵᠢᠯ ‍ᠢ  ᠬᠦᠢᠴᠡᠳ ᠪᠠᠳᠠᠷᠠᠭᠣᠯᠵᠣ ᠂ ᠠᠵᠢᠯ ‍ᠤᠨ ᠪᠣᠳᠡᠳᠡᠢ ᠲᠠᠢ ᠪᠠᠨ ᠣᠶᠠᠯᠳᠣᠭᠣᠯᠣᠨ ᠂  ᠲᠣᠰᠬᠣᠨ ᠳ᠋ᠤ ᠰᠠᠭᠣᠭ᠎ᠠ ᠺᠠᠳ᠋ᠷᠴᠣᠳ ‍ᠤᠨ ᠬᠠᠮᠢᠶᠠᠷᠣᠯᠳᠡ ᠶ᠋ᠢᠨ 《 4321 》 ᠶ᠋ᠢᠨ ᠠᠵᠢᠯᠯᠠᠬᠣ ᠠᠷᠭ᠎ᠠ ᠶ᠋ᠢ ᠰᠦᠪᠡᠭᠴᠢᠯᠡᠨ ᠭᠠᠷᠭᠠᠵᠣ ᠂ ᠲᠣᠰᠬᠣᠨ ᠳ᠋ᠣ ᠰᠠᠭᠣᠭ᠎ᠠ ᠺᠠᠳ᠋ᠷᠴᠣᠳ ‍ᠤᠨ ᠬᠠᠮᠢᠶᠠᠷᠣᠯᠳᠡ ᠶ᠋ᠢ ᠣᠯᠠᠮ ᠨᠢᠬᠡ ᠠᠯᠬᠣᠮ ᠴᠢᠡᠭᠭᠠᠳᠬᠠᠵᠣ ᠂ ᠲᠡᠳᠡᠨ ‍ᠤ ᠦᠨᠳᠣᠰᠣᠨ ᠱᠠᠳᠣᠨ ᠳ᠋ᠤ ᠣᠶᠢᠯᠡᠰ ᠪᠣᠰᠬᠠᠨ ᠴᠣᠭ ᠵᠣᠯᠢ ᠪᠠᠨ ᠪᠠᠳᠠᠷᠠᠭᠣᠯᠬᠣ ᠶ᠋ᠢ ᠶᠡᠬᠡᠪᠡᠷ ᠬᠦᠭᠵᠢᠬᠡᠵᠣ ᠪᠠᠶᠢᠨ᠎ᠠ ᠃ 《 ᠲᠦᠷᠪᠡ 》  ᠶ᠋ᠢ ᠨᠢᠬᠡᠳᠬᠡᠬᠦ ᠪᠡᠷ ᠶᠠᠳᠠᠭᠣ ᠡᠴᠠ ᠠᠡᠭᠬᠢᠵᠢᠷᠠᠭᠣᠯᠬᠣ ᠰᠢᠪᠳᠣᠯᠣᠯᠳᠡ ᠶ᠋ᠢᠨ ᠬᠠᠮᠢᠶᠠᠷᠣᠯᠳᠡ ᠶ᠋ᠢᠨ ᠬᠢᠷᠢ ᠬᠡᠮᠵᠢᠶ᠎ᠡ  ᠪᠠᠨ  ᠲᠡᠭᠡᠭᠰᠢᠯᠡᠬᠦᠯᠵᠣ ᠪᠠᠶᠢᠨ᠎ᠠ ︔ 《 ᠲᠣᠯᠣᠭ᠎ᠠ ᠪᠠᠶᠢᠬᠣ 》 ᠲᠦᠷᠢᠮ ‍ᠢ ᠨᠢᠬᠡᠳᠣᠯᠳᠡᠢ ᠪᠡᠷ ᠬᠡᠷᠡᠮ ᠲᠡᠭᠡᠷ᠎ᠡ  ᠭᠠᠷᠭᠠᠬᠣ ᠶ᠋ᠢᠨ ᠬᠠᠮᠳᠣ ᠪᠠᠰᠠ  《 ᠲᠣᠭᠳᠠᠭᠰᠠᠨ ᠬᠦᠮᠣᠨ ᠂ ᠲᠣᠭᠳᠠᠭᠣᠨ ᠰᠠᠭᠣᠴᠠ ᠂ ᠠᠮᠢᠳᠣᠷᠠᠯ ‍ᠤᠨ ᠨᠦᠬᠦᠴᠡᠯ ᠂ ᠠᠵᠢᠯ ‍ᠤᠨ ᠲᠦᠷᠢᠮ ᠂ ᠡᠬᠦᠷᠭᠡ ᠬᠠᠷᠢᠭᠣᠴᠠᠯᠭ᠎ᠠ ᠂ ᠠᠵᠢᠯᠯᠠᠬᠣ ᠠᠷᠭ᠎ᠠ ᠂ ᠠᠵᠢᠯ ‍ᠤᠨ ᠪᠠᠳᠣᠯᠠᠪᠣᠷᠢ ᠵᠡᠷᠭᠡ ᠠᠵᠢᠯᠯᠠᠬᠣ ᠠᠡᠭᠬᠢ  ᠲᠣᠯᠣᠭ᠎ᠠ ᠪᠠᠶᠢᠬᠣ 》 ᠪᠠᠷᠢᠮᠵᠢᠶ᠎ᠠ ᠶ᠋ᠢ ᠬᠡᠷᠡᠮ ᠲᠡᠭᠡᠷ᠎ᠡ ᠭᠠᠷᠭᠠᠵᠣ ᠂  ᠲᠣᠰᠬᠣᠨ ᠲᠦᠮᠡᠨ ᠳ᠋ᠤ ᠨᠡᠶᠢᠳᠡᠯᠡᠪᠡ ᠃ ᠡᠬᠦᠨ ‍ᠤ ᠣᠯᠠᠮ ᠡᠴᠠ ᠠᠵᠢᠯᠯᠠᠬᠣ ᠠᠡᠭᠬᠢ ᠶ᠋ᠢᠨ ᠪᠠᠶᠢᠭ᠎ᠠ ᠲᠣᠰᠬᠣᠨ  ‍ᠤ ᠢᠯᠡ ᠭᠠᠵᠠᠷ ᠲᠤ ᠨᠢᠬᠡᠳᠣᠯᠳᠡᠢ ᠪᠡᠷ  《 ᠶᠠᠳᠠᠭᠣ ᠡᠴᠠ ᠠᠡᠭᠬᠢᠵᠢᠷᠠᠭᠣᠯᠬᠣ ᠰᠢᠪᠳᠣᠯᠣᠯᠳᠡ ᠶ᠋ᠢᠨ ᠠᠵᠢᠯᠯᠠᠬᠣ ᠠᠡᠭᠬᠢ 》 《 ᠶᠠᠳᠠᠭᠣ ᠡᠴᠠ ᠠᠡᠭᠬᠢᠵᠢᠷᠠᠭᠣᠯᠬᠣ ᠰᠢᠪᠳᠣᠯᠣᠯᠳᠡ ᠶ᠋ᠢᠨ ᠲᠣᠰᠬᠣᠨ ᠰᠠᠭᠣᠭ᠎ᠠ ᠠᠵᠢᠯᠯᠠᠬᠣ ᠠᠡᠭᠬᠢ ᠶ᠋ᠢᠨ ᠰᠠᠭᠣᠬᠣ ᠭᠠᠵᠠᠷ 》 ᠬᠡᠬᠦ ᠫᠠᠶᠢᠵᠠ  ᠡᠯᠬᠦᠪᠡ ᠃ ᠲᠣᠰ ᠬᠣᠰᠢᠭᠣᠨ ‍ᠤ 1251 ᠨᠡᠷᠡᠰ ᠠᠵᠢᠯᠯᠠᠬᠣ ᠠᠡᠭᠬᠢ ᠶ᠋ᠢᠨ ᠬᠦᠮᠣᠰ ᠲᠤ ᠨᠢᠬᠡᠳᠣᠭᠡᠷ ᠱᠦᠵᠢ ᠲᠣᠰᠬᠣᠨ ᠳ᠋ᠤ ᠰᠠᠭᠣᠭ᠎ᠠ ᠠᠵᠢᠯᠯᠠᠬᠣ ᠠᠡᠭᠬᠢ ᠂ ᠲᠠᠭᠠᠭᠠᠴᠢᠯᠠᠯᠳᠡ ᠶ᠋ᠢᠨ ᠺᠠᠳ᠋ᠷᠴᠣᠳ ‍ᠤᠨ ᠬᠠᠷᠢᠭᠣᠴᠠᠯᠭ᠎ᠠ ᠶ᠋ᠢᠨ ᠬᠠᠭᠣᠳᠠᠰᠣ ᠴᠡᠪᠡᠷᠯᠡᠬᠦ ᠠᠵᠢᠯ ‍ᠤᠨ ᠲᠡᠮᠳᠡᠭᠯᠡᠯ ᠵᠣᠬᠢᠶᠠᠨ  ᠦᠭᠬᠦᠭᠰᠡᠨ ‍ᠤ ᠬᠠᠮᠳᠣ ᠴᠢᠯᠣᠭᠡ ᠠᠪᠬᠣ ᠬᠠᠭᠣᠳᠠᠰᠣ ᠵᠣᠬᠢᠶᠠᠨ ᠦᠭᠬᠦᠬᠡᠳ ᠂ ᠬᠣᠶᠢᠨ᠎ᠠ ᠡᠴᠠ ᠨᠢ ᠬᠢᠨᠠᠨ ᠪᠠᠶᠢᠴᠠᠭᠠᠵᠣ ᠪᠠᠶᠢᠨ᠎ᠠ ᠃ 《 ᠭᠣᠷᠪᠠ 》 ᠨᠢ ᠣᠨᠣᠪᠴᠢᠳᠡᠢ ᠪᠡᠷ ᠲᠣᠰᠬᠣᠨ ᠳ᠋ᠤ ᠰᠠᠭᠣᠬᠣ ᠺᠠᠳ᠋ᠷᠴᠣᠳ ‍ᠢ ᠰᠣᠡᠭᠭᠣᠬᠣ  ᠠᠵᠢᠯ ‍ᠢ ᠡᠷᠴᠢᠮᠳᠡᠢ ᠬᠢᠪᠡ ᠃ ᠨᠢᠬᠡ ᠳ᠋ᠤ ᠂ ᠺᠠᠳ᠋ᠷ ‍ᠤᠨ ᠬᠡᠪ ᠴᠢᠨᠠᠷ ᠂ ᠲᠣᠮᠢᠯᠠᠬᠣ ᠰᠡᠳᠬᠢᠴᠡ ᠂ ᠢᠳᠡ ᠴᠢᠳᠠᠯ ᠲᠠᠢ ᠂ ᠣᠶᠣᠨ ᠪᠢᠯᠢᠭ ᠰᠠᠶᠢᠳᠡᠢ ᠠᠷᠣ ᠪᠡᠯᠡᠳᠭᠡᠯ ‍ᠤᠨ ᠺᠠᠳ᠋ᠷᠴᠣᠳ ‍ᠢ ᠰᠢᠯᠢᠨ  ᠰᠣᠡᠭᠭᠣᠬᠣ ᠶ᠋ᠢ ᠴᠢᠬᠣᠯᠠᠴᠢᠯᠠᠵᠣ ᠶᠠᠳᠠᠭᠣ ᠶ᠋ᠢ ᠲᠡᠳᠬᠦᠬᠦ ᠠᠵᠢᠯ ‍ᠢ ᠦᠷᠨᠢᠬᠦᠯᠪᠡ ᠃ ᠬᠣᠶᠠᠷ ᠲᠤ ᠂  ᠲᠣᠰᠬᠣᠨ ᠳ᠋ᠤ ᠰᠠᠭᠣᠬᠣ ᠬᠡᠷᠡᠭᠴᠡᠭᠡ ᠶ᠋ᠢ ᠴᠢᠬᠣᠯᠠᠴᠢᠯᠠᠵᠣ ᠂ ᠶᠠᠳᠠᠭᠣ ᠶ᠋ᠢ ᠲᠡᠳᠬᠦᠬᠦ ᠲᠦᠷᠣᠯ ᠵᠣᠶᠢᠯ ‍ᠤᠨ ᠰᠠᠯᠠᠭ᠎ᠠ ᠮᠦᠴᠢᠷ ᠡᠴᠠ  ᠰᠣᠡᠭᠭᠣᠨ ᠲᠣᠮᠢᠯᠠᠭᠰᠠᠨ ᠺᠠᠳ᠋ᠷᠴᠣᠳ ‍ᠢ ᠲᠣᠶᠢᠯ ‍ᠤᠨ ᠬᠡᠷᠡᠭᠴᠡᠭᠡ ᠲᠠᠢ ᠲᠦᠷᠣᠯ ᠵᠣᠶᠢᠯ ‍ᠤᠨ ᠭᠠᠴᠠᠭ᠎ᠠ ᠲᠣᠰᠬᠣᠨ ᠳ᠋ᠤ ᠲᠣᠮᠢᠯᠠᠨ ᠂ ᠭᠣᠣᠯᠳᠠᠯᠭ᠎ᠠ ᠲᠠᠢ ᠰᠠᠯᠠᠭ᠎ᠠ ᠮᠦᠴᠢᠷ ᠂ ᠰᠢᠯᠢᠳᠡᠭ ᠺᠠᠳ᠋ᠷ ‍ᠤᠨ ᠲᠣᠪᠣᠶᠢᠮ᠎ᠠ ᠦᠢᠯᠡᠳᠣᠯ ‍ᠢ  ᠪᠠᠳᠣᠯᠠᠪᠠ ᠃ ᠭᠣᠷᠪᠠ ᠳ᠋ᠤ᠂ ᠡᠬᠦᠷᠭᠡ ᠬᠠᠷᠢᠭᠣᠴᠠᠯᠭ᠎ᠠ ᠪᠡᠷ ᠨᠢ ᠠᠵᠢᠯ ᠬᠣᠪᠢᠶᠠᠷᠢᠯᠠᠵᠣ ᠂ ᠺᠠᠳᠷᠴᠣᠳ ‍ᠤᠨ ᠦᠪᠡᠷ ‍ᠤᠨ ᠪᠡᠶ᠎ᠡ ᠶ᠋ᠢᠨ ᠲᠠᠪᠠᠭᠣᠯᠢᠭ ‍ᠢ ᠦᠨᠳᠣᠰᠣᠯᠡᠵᠣ ᠂ ᠲᠦᠷᠣᠯ ᠵᠣᠶᠢᠯ ‍ᠢ ᠵᠣᠬᠢᠴᠠᠭᠣᠯᠣᠨ ᠬᠠᠮᠢᠶᠠᠷᠬᠣ ᠂  ᠺᠠᠳ᠋ᠷ ‍ᠤᠨ ᠬᠠᠮᠢᠶᠠᠷᠣᠯᠳᠡ ᠂ ᠲᠣᠰᠬᠣᠨ ‍ᠤ ᠪᠠᠶᠢᠳᠠᠯ ᠠᠷᠠᠳ ‍ᠤᠨ ᠰᠠᠨᠠᠭ᠎ᠠ ᠶ᠋ᠢ ᠬᠣᠷᠢᠶᠠᠨ ᠡᠵᠡᠮᠰᠢᠬᠦ ᠠᠵᠢᠯ  ‍ᠢ ᠲᠣᠰ ᠲᠣᠰ  ᠬᠠᠷᠢᠭᠣᠴᠠᠭᠣᠯᠪᠠ ᠃ 《 ᠬᠣᠶᠠᠷ 》 ᠨᠢ ᠬᠣᠣᠰ ᠢᠶᠠᠷ ᠪᠣᠯᠪᠠᠰᠣᠷᠠᠭᠣᠯᠬᠣ ᠶ᠋ᠢ ᠴᠢᠡᠭᠭᠠᠷᠠᠭᠣᠯᠵᠣ ᠶᠠᠳᠠᠭᠣ ᠶ᠋ᠢ ᠲᠡᠳᠬᠦᠬᠦ ᠲᠦᠷᠣ ᠶ᠋ᠢᠨ ᠪᠣᠳᠣᠯᠭ᠎ᠠ ᠶ᠋ᠢᠨ ᠣᠬᠠᠭᠣᠯᠣᠯ ‍ᠤᠨ ᠠᠵᠢᠯ ‍ᠢ ᠨᠠᠶᠢᠳᠠᠪᠣᠷᠢᠵᠢᠭᠣᠯᠪᠠ ᠃ 《 ᠱᠠᠳᠣ ᠬᠣᠪᠢᠶᠠᠨ ᠬᠠᠷᠢᠴᠠᠭᠣᠯᠬᠣ ᠂ ᠪᠦᠬᠦᠶᠢᠯᠡ ᠴᠣᠭᠴᠠ ᠪᠡᠷ ᠬᠣᠯᠪᠣᠭᠠᠯᠠᠨ ᠬᠦᠳᠡᠯᠣᠯᠴᠡᠬᠦ ᠂ ᠪᠦᠬᠦ ᠠᠯ᠎ᠠ ᠪᠡᠷ ᠪᠦᠷᠬᠦᠬᠦᠯᠬᠦ 》 ᠱᠠᠭᠠᠷᠳᠠᠯᠭ᠎ᠠ ᠶᠣᠰᠣᠭᠠᠷ ᠂ ᠬᠣᠰᠢᠭᠣ ᠪᠠᠯᠭᠠᠰᠣ ᠲᠣᠰᠬᠣᠨ ᠶᠠᠳᠠᠭᠣ ᠡᠴᠠ ᠠᠡᠭᠬᠢᠵᠢᠷᠠᠭᠣᠯᠬᠣ ᠰᠢᠪᠳᠣᠯᠣᠯᠳᠡ ᠶ᠋ᠢᠨ ᠲᠣᠰᠬᠣᠨ ᠳ᠋ᠤ ᠰᠠᠭᠣᠬᠣ ᠠᠵᠢᠯᠯᠠᠬᠣ ᠠᠡᠭᠬᠢ ᠶ᠋ᠢᠨ ᠬᠦᠮᠣᠰ ‍ᠤᠨ ᠶᠠᠳᠠᠭᠣ   ᠶ᠋ᠢ ᠲᠡᠳᠬᠦᠬᠦ ᠲᠣᠰᠬᠠᠢ ᠰᠡᠳᠣᠪᠳᠣ ᠪᠣᠯᠪᠠᠰᠣᠷᠠᠯ ‍ᠢ ᠵᠣᠬᠢᠶᠠᠨ ᠪᠠᠶᠢᠭᠣᠯᠣᠨ ᠦᠷᠨᠢᠬᠦᠯᠪᠡ ᠃ ᠠᠵᠢᠯᠯᠠᠬᠣ ᠠᠡᠭᠬᠢ ᠨᠢ ᠶᠠᠳᠠᠭᠣ ᠬᠦᠴᠢᠷᠳᠡᠯᠳᠣ ᠡᠷᠣᠭᠡ ᠳ᠋ᠣ ᠬᠦᠨᠵᠡᠬᠡᠶᠢᠷᠡᠨ ᠲᠦᠷᠣ ᠶ᠋ᠢᠨ ᠪᠣᠳᠣᠯᠭ᠎ᠠ ᠶ᠋ᠢ ᠣᠬᠠᠭᠣᠯᠵᠣ ᠂ ᠲᠣᠰᠬᠣᠨ ᠲᠦᠮᠡᠨ ‍ᠤ ᠣᠶᠢᠯᠠᠭᠠᠯᠳᠡ ᠶ᠋ᠢ  ᠬᠦᠨᠵᠡᠬᠡᠶᠢᠷᠡᠬᠦᠯᠪᠡ ᠃ ᠵᠢᠯ ‍ᠤᠨ ᠡᠬᠢᠨ ᠡᠴᠠ ᠨᠠᠰᠢ ᠂ ᠬᠣᠰᠢᠭᠣ ᠪᠠᠯᠭᠠᠰᠣ ᠶ᠋ᠢᠨ ᠬᠣᠶᠠᠷ ᠱᠠᠳᠣᠨ ‍ᠤ ᠬᠢᠨ 110 ᠣᠳᠠᠭᠠᠨ ‍ᠤ ᠪᠣᠯᠪᠠᠰᠣᠷᠠᠯ ‍ᠤᠨ ᠠᠡᠭᠬᠢ ᠶ᠋ᠢ ᠵᠣᠬᠢᠶᠠᠨ  ᠪᠠᠶᠢᠭᠣᠯᠣᠨ ᠡᠷᠬᠢᠯᠡᠵᠣ ᠂  ᠺᠠᠳ᠋ᠷ ᠣᠯᠠᠨ ᠲᠦᠮᠡᠨ ‍ᠢ 1.32 ᠬᠦᠮᠣᠨ ᠣᠳᠠᠭ᠎ᠠ  ᠣᠷᠣᠯᠴᠠᠭᠣᠯᠪᠠ ᠃ 《 ᠨᠢᠬᠡ 》  ᠨᠢ ᠨᠢᠬᠡᠨ ᠭᠣᠣᠯ ᠱᠣᠭᠣᠮ ᠢᠶᠠᠷ ᠶᠠᠳᠠᠭᠣ ᠶ᠋ᠢ ᠲᠡᠳᠬᠦᠬᠦ ᠰᠢᠪᠳᠣᠯᠣᠯᠳᠡ ᠶ᠋ᠢᠨ ᠪᠦᠬᠦ ᠶᠠᠪᠣᠴᠠ ᠳ᠋ᠣ ᠲᠣᠣᠱᠯᠠᠭᠣᠯᠪᠠ ︔ ᠶᠠᠳᠠᠭᠣ ᠶ᠋ᠢ ᠲᠡᠳᠬᠦᠬᠦ ᠰᠢᠪᠳᠣᠯᠣᠯᠳᠡ ᠶ᠋ᠢᠨ ᠨᠢᠬᠡᠳᠣᠭᠡᠷ ᠱᠣᠭᠣᠮ ᠳ᠋ᠤ  ᠺᠠᠳ᠋ᠷᠴᠣᠳ ‍ᠢ ᠢᠯᠭᠠᠨ ᠲᠠᠨᠢᠵᠣ ᠂ ᠲᠡᠳᠡᠨ ‍ᠤ ᠴᠢᠳᠠᠪᠣᠷᠢ ᠂ ᠪᠡᠬᠢᠯᠡᠯᠳᠡ  ᠰᠢᠪᠳᠣᠯᠣᠭᠰᠠᠨ ᠦᠷ᠎ᠡ ᠪᠦᠳᠣᠮᠵᠢ  ᠪᠡᠷ ᠨᠢ ᠺᠠᠳ᠋ᠷᠴᠣᠳ ‍ᠢ ᠰᠣᠡᠭᠭᠣᠨ ᠬᠡᠷᠡᠭᠯᠡᠪᠡ ᠃ ᠵᠢᠯ ‍ᠤᠨ ᠡᠬᠢᠨ ᠡᠴᠠ ᠨᠠᠰᠢ ᠂ ᠨᠡᠶᠢᠳᠡ 20 ᠨᠡᠷᠡᠰ  ᠬᠣᠵᠢᠮ ‍ᠤᠨ ᠪᠡᠯᠡᠳᠭᠡᠯ ᠺᠠᠳ᠋ᠷ ‍ᠢ ᠰᠣᠮᠣ ᠰᠢᠶᠠᠡᠭ ᠪᠠᠯᠭᠠᠰᠣᠨ ᠳ᠋ᠤ ᠲᠡᠳ᠋ ᠲᠣᠰᠢᠶᠠᠯ ᠢᠶᠠᠷ ᠡᠯᠬᠦᠵᠣ ᠶᠠᠳᠠᠭᠣ ᠶ᠋ᠢ ᠲᠡᠳᠬᠦᠬᠦ ᠨᠢᠬᠡᠳᠣᠭᠡᠷ ᠱᠦᠵᠢ ᠪᠣᠯᠭᠠᠨ ᠬᠡᠷᠡᠭᠯᠡᠨ ᠲᠣᠮᠢᠯᠠᠪᠠ ᠃ ᠶᠠᠳᠠᠭᠣ ᠡᠴᠠ ᠠᠡᠭᠬᠢᠵᠢᠷᠠᠭᠣᠯᠬᠣ ᠠᠵᠢᠯ ‍ᠤᠨ ᠣᠷᠣᠭᠰᠢᠯᠠᠭᠰᠠᠨ ᠵᠢᠱᠢᠶᠡᠴᠢ ᠭᠠᠴᠠᠭ᠎ᠠ ᠲᠣᠰᠬᠣᠨ ‍ᠤ ᠨᠠᠮ ‍ᠤᠨ ᠡᠬᠦᠷ 20  ᠨᠡᠷᠡᠰ᠂ ᠰᠢᠯᠢᠳᠡᠭ ᠭᠠᠴᠠᠭ᠎ᠠ ᠲᠣᠰᠬᠣᠨ ‍ᠤ ᠨᠠᠮ ‍ᠤᠨ ᠵᠣᠬᠢᠶᠠᠨ ᠪᠠᠶᠢᠭᠣᠯᠣᠯᠳᠡ ᠶ᠋ᠢᠨ ᠱᠦᠵᠢ 20 ᠨᠡᠷᠡᠰ ᠂ ᠲᠣᠰᠬᠣᠨ ᠳ᠋ᠤ ᠰᠠᠭᠣᠭ᠎ᠠ ᠰᠢᠯᠢᠳᠡᠭ ᠺᠠᠳ᠋ᠷ 38 ᠨᠡᠷᠡᠰ ‍ᠢ ᠬᠦᠬᠢᠬᠦᠯᠣᠨ ᠱᠠᠡᠭᠨᠠᠪᠠ ᠃ ᠬᠦᠮᠣᠨ ‍ᠢ ᠭᠠᠵᠠᠷ ‍ᠤᠨ ᠲᠡᠰ ‍ᠤᠨ ᠺᠠᠳ᠋ᠷ ᠢᠶᠠᠷ ᠲᠡᠪᠰᠢᠬᠦᠯᠣᠨ ᠬᠡᠷᠡᠭᠯᠡᠵᠣ ᠂ 5 ᠨᠡᠷᠡᠰ  ᠺᠠᠳ᠋ᠷ ‍ᠢ ᠵᠢᠡᠭᠬᠢᠨᠢ ᠰᠠᠯᠠᠭᠠᠨ ᠲᠡᠰ ‍ᠤᠨ ᠺᠠᠳ᠋ᠷ ᠢᠶᠠᠷ ᠲᠡᠪᠰᠢᠬᠦᠯᠣᠨ ᠬᠡᠷᠡᠭᠯᠡᠪᠡ ᠃  
                                                                         ᠮᠠ ᠪᠦᠬᠡ ᠮᠡᠳᠡᠭᠡᠯᠡᠪᠡ
ᠢᠷᠡᠯᠳᠡ᠄ ᠨᠠᠶᠢᠷᠠᠭᠤᠯᠤᠭᠴᠢ᠄ ᠳᠤᠯᠠᠭᠠᠨ

ᠬᠠᠮᠢᠶ᠎ᠡ ᠪᠦᠬᠦᠢ ᠰᠣᠨᠢᠨ