ᠨᠠᠢᠮᠠᠨ ᠬᠣᠰᠢᠭᠣᠨ ‍ᠤ 5 ᠲᠦᠮᠡᠨ ᠮᠤ᠋ ᠡᠮ ‍ᠤᠨ ᠮᠠᠲ᠋ᠸᠷᠢᠶᠠᠯ ᠬᠣᠷᠢᠶᠠᠬᠣ ᠬᠣᠭᠣᠴᠠᠭᠠᠨ ᠳ᠋ᠠᠭᠠᠨ ᠣᠷᠣᠪᠠ

ᠣᠩᠰᠢᠭᠰᠠᠨ ᠤᠳᠠᠭ᠎ᠠ ᠄ 6331     ᠨᠡᠶᠢᠳᠡᠯᠡᠭᠰᠡᠨ ᠴᠠᠭ ᠄ 2018/10/14 11:27:26

      ᠬᠡᠳᠣᠨ ᠵᠢᠯ ‍ᠤᠨ ᠲᠣᠷᠰᠢ ᠂ ᠨᠠᠢᠮᠠᠨ ᠬᠣᠰᠢᠭᠣᠨ ‍ᠤ ᠨᠠᠮ ‍ᠤᠨ ᠬᠣᠷᠢᠶ᠎ᠠ ᠵᠠᠰᠠᠭ ‍ᠤᠨ ᠣᠷᠳᠣᠨ ᠮᠣᠡᠭᠭᠣᠯ ᠬᠢᠳᠡᠳ ᠡᠮ ‍ᠤᠨ ᠮᠠᠲ᠋ᠸᠷᠢᠶᠠᠯ ‍ᠤᠨ ᠠᠵᠣ ᠣᠶᠢᠯᠡᠰ ‍ᠢ ᠶᠡᠬᠡᠪᠡᠷ ᠬᠦᠭᠵᠢᠬᠦᠯᠵᠣ ᠂ 《 ᠲᠣᠯᠣᠭᠠᠶᠢᠯᠠᠭᠴᠢ ᠠᠵᠣ ᠠᠬᠣᠶᠢᠯᠠᠯ + ᠰᠠᠭᠣᠷᠢᠨ ᠭᠠᠵᠠᠷ ᠂ ᠰᠠᠭᠣᠷᠢᠨ ᠭᠠᠵᠠᠷ ᠨᠢ ᠲᠠᠷᠢᠶᠠᠴᠢᠨ ᠡᠷᠣᠭᠡ ᠶ᠋ᠢ ᠲᠠᠶᠢᠴᠢᠯᠠᠬᠣ 》 ᠪᠡᠷ  ᠲᠠᠮᠵᠢᠭᠣᠯᠬᠣ ᠬᠡᠪ ᠵᠠᠭᠪᠣᠷ ᠢᠶᠠᠷ ᠮᠠᠯᠴᠢᠨ ᠲᠠᠷᠢᠶᠠᠴᠢᠳ ‍ᠤᠨ ᠣᠷᠣᠯᠭ᠎ᠠ ᠶ᠋ᠢ ᠨᠡᠮᠡᠭᠳᠡᠬᠦᠯᠣᠨ ᠂ ᠡᠮ ‍ᠤᠨ ᠮᠠᠲ᠋ᠸᠷᠢᠶᠠᠯ ‍ᠤᠨ ᠲᠠᠷᠢᠮᠠᠯ ᠨᠢ 15 ᠰᠣᠮᠣ ᠰᠢᠶᠠᠡᠭ ᠪᠠᠯᠭᠠᠰᠣ  ᠂ 200 ᠵᠠᠰᠠᠭ ᠵᠠᠬᠢᠷᠭᠠᠨ ‍ᠤ ᠲᠣᠰᠬᠣᠨ ᠲᠠᠢ ᠬᠣᠯᠪᠣᠭᠳᠠᠵᠣ ᠂ 15000 ᠬᠦᠮᠣᠨ ᠡᠨᠡᠬᠦ ᠡᠮ ‍ᠤᠨ ᠮᠠᠲ᠋ᠸᠷᠢᠶᠠᠯ ᠲᠠᠷᠢᠬᠣ ᠣᠶᠢᠯᠡᠰ ‍ᠢ ᠡᠷᠬᠢᠯᠡᠵᠣ ᠪᠣᠢ ᠂ ᠡᠬᠦᠨ ᠳ᠋ᠤ ᠶᠠᠳᠠᠭᠣ ᠬᠦᠴᠢᠷᠳᠡᠯᠳᠣ ᠡᠷᠣᠭᠡ  4800 ᠬᠦᠮᠣᠨ ᠪᠠᠶᠢᠵᠣ ᠂ ᠲᠠᠷᠢᠮᠠᠯ ‍ᠤᠨ ᠬᠡᠪᠴᠢᠶ᠎ᠡ ᠨᠢ 15 ᠲᠦᠮᠡᠨ ᠮᠦ ᠳ᠋ᠤ  ᠪᠣᠯᠵᠣ᠂  ᠦᠨᠣ ᠵᠢᠯ ‍ᠤᠨ ᠬᠣᠷᠢᠶᠠᠨ ᠠᠪᠬᠣ ᠲᠠᠯᠠᠪᠠᠢ ᠨᠢ ᠪᠠᠷᠣᠭ 5 ᠲᠦᠮᠡᠨ ᠮᠦ  ᠬᠦᠷᠴᠣ ᠪᠣᠢ ︔ ᠡᠬᠦᠨ ᠳ᠋ᠤ  ᠭᠠᠰᠢᠭᠣᠨ ᠣᠷᠬᠣᠳᠡᠢ ᠂ ᠬᠣᠨᠴᠢᠷ ᠂ ᠰᠢᠬᠢᠷᠯᠢᠭ ᠡᠪᠡᠰᠣ  ᠵᠡᠷᠭᠡ ᠠᠷᠪᠠᠭᠠᠳ ᠵᠣᠶᠢᠯ ᠢᠶᠠᠷ ᠭᠣᠣᠯ ᠪᠣᠯᠭᠠᠭᠠᠳ ᠣᠳᠣ ᠶᠠᠭ ᠪᠦᠬᠦᠨ ‍ᠢ ᠬᠣᠷᠢᠶᠠᠬᠣ ᠬᠣᠭᠣᠴᠠᠭᠠᠨ ᠳ᠋ᠤ ᠣᠷᠣᠵᠣ ᠪᠣᠢ ᠃             

                                                    ᠮᠠ ᠪᠦᠬᠡ ᠮᠡᠳᠡᠭᠡᠯᠡᠪᠡ


ᠢᠷᠡᠯᠳᠡ᠄ ᠨᠠᠶᠢᠷᠠᠭᠤᠯᠤᠭᠴᠢ᠄ ᠳᠤᠯᠠᠭᠠᠨ

ᠬᠠᠮᠢᠶ᠎ᠡ ᠪᠦᠬᠦᠢ ᠰᠣᠨᠢᠨ