ᠪᠣᠰᠣᠤᠨ ᠤᠨ ᠵᠣᠯ ᠵᠢᠷᠭᠠᠯ ᠢ ᠪᠢᠲᠡᠭᠡᠢ ᠰᠡᠪᠳᠦᠭᠡᠶ᠎ᠡ

ᠣᠩᠰᠢᠭᠰᠠᠨ ᠤᠳᠠᠭ᠎ᠠ ᠄ 6401     ᠨᠡᠶᠢᠳᠡᠯᠡᠭᠰᠡᠨ ᠴᠠᠭ ᠄ 2018/10/12 11:11:53

     ᠵᠣᠯ ᠵᠢᠷᠭᠠᠯ ᠬᠡᠮᠡᠭᠴᠢ ᠨᠢᠭᠡ ᠬᠦᠮᠦᠨ ᠦ ᠬᠤᠪᠢ ᠪᠡᠶ᠎ᠡ ᠶ᠋ᠢᠨ ᠬᠢᠨ ᠨᠢᠭᠤᠴᠠ ᠪᠣᠯᠵᠤ ᠲᠠᠭᠠᠷᠠᠨ᠎ᠠ ᠃ ᠴᠢᠨᠦ ᠨᠢᠳᠦᠨ ᠳ᠋ᠦ ᠬᠦᠴᠢᠷ ᠵᠣᠪᠠᠯᠠᠩ ᠢᠶᠠᠷ ᠦᠵᠡᠭᠳᠡᠬᠦ ᠳ᠋ᠦ ᠬᠠᠷᠢᠨ ᠪᠣᠰᠣᠤᠨ ᠬᠦᠮᠦᠨ ᠳ᠋ᠦ ᠪᠣᠯ ᠲᠡᠳᠡᠨᠦᠰ ᠦᠨ ᠨᠢᠭᠡ ᠵᠦᠢᠯ ᠦᠨ ᠵᠣᠯ ᠵᠢᠷᠭᠠᠯ ᠨᠢ ᠪᠣᠯᠵᠤ ᠮᠠᠭᠠᠳ ᠦᠭᠡᠢ ᠰᠢᠦ ᠃ ᠦᠨᠡᠨ ᠢ ᠬᠡᠯᠡᠬᠦ ᠳ᠋ᠦ ᠵᠣᠯ ᠵᠢᠷᠭᠠᠯ ᠨᠢ ᠪᠠᠶᠠᠨ ᠴᠢᠨᠡᠭᠡᠯᠢᠭ ᠡᠷᠬᠢᠮ ᠳᠣᠤᠷᠠᠳᠤ ᠭᠡᠵᠦ ᠢᠯᠭᠠᠬᠤ ᠦᠭᠡᠢ ᠂ ᠨᠡᠷ᠎ᠡ ᠲᠥᠷᠥ ᠪᠠᠶᠢᠷᠢ ᠰᠠᠭᠤᠷᠢ ᠲᠠᠢ ᠬᠣᠯᠪᠣᠬᠳᠠᠬᠤ ᠦᠭᠡᠢ ᠃ ᠴᠦᠮ ᠥᠪᠡᠷ ᠥᠪᠡᠷ ᠦᠨ ᠬᠢᠨ ᠦᠵᠡᠯᠲᠡ ᠬᠤᠪᠢ ᠬᠤᠪᠢᠨ ᠤ ᠬᠢᠨ ᠲᠠᠨᠢᠯᠲᠠ ᠲᠠᠢ ᠵᠣᠯ ᠵᠢᠷᠭᠠᠯ ᠪᠠᠶᠢᠳᠠᠭ ᠃ ᠡᠶᠢᠨᠬᠦ ᠵᠣᠯ ᠵᠢᠷᠭᠠᠯ ᠭᠡᠭᠴᠢ ᠬᠦᠮᠦᠰ ᠦᠨ ᠰᠡᠦᠨᠬᠢᠯ ᠰᠠᠨᠠᠭᠠᠨ ᠤ ᠤᠶᠢᠯᠠᠭᠠᠯᠲᠠ ᠯᠤᠭ᠎ᠠ ᠨᠢᠬᠲᠠ ᠬᠣᠯᠪᠤᠭ᠎ᠠ ᠲᠠᠢ ᠪᠠᠶᠢᠳᠠᠭ ᠃ ᠬᠦᠮᠦᠰ ᠦᠨ ᠰᠡᠦᠨᠬᠢᠯ ᠳ᠋ᠦ ᠥᠨᠢ ᠮᠥᠩᠬᠡ ᠶ᠋ᠢᠨ ᠰᠠᠶᠢᠬᠠᠨ ᠴᠢᠨᠠᠷ ᠪᠣᠯᠵᠤ ᠦᠯᠡᠳᠡᠳᠡᠭ ᠨᠢ ᠳᠠᠷᠤᠢ ᠴᠢᠨᠦ ᠥᠪᠡᠰᠦᠪᠡᠨ ᠲᠠᠨᠢᠵᠤ ᠮᠡᠳᠡᠷᠡᠭᠰᠡᠨ ᠵᠣᠯ ᠵᠢᠷᠭᠠᠯ ᠪᠠᠶᠢᠵᠤ ᠂ ᠠᠵᠢᠯ ᠠᠮᠢᠳᠤᠷᠠᠯ ᠢ ᠴᠢᠨᠢ ᠥᠭᠡᠳᠡ ᠳᠠᠲᠠᠵᠤ ᠠᠮᠢ ᠨᠠᠰᠤ ᠶ᠋ᠢ ᠴᠢᠨᠢ ᠤᠷᠳᠤ ᠪᠣᠯᠭᠠᠬᠤ ᠪᠠᠶᠠᠰᠤᠩᠭᠤᠢ ᠰᠡᠦᠨᠬᠢᠯᠭᠡ ᠪᠠᠶᠢᠵᠤ ᠲᠡᠷᠡ ᠨᠢ ᠴᠢᠮᠠᠳᠤ ᠵᠣᠯ ᠵᠢᠷᠭᠠᠯ ᠪᠣᠯᠬᠤ ᠶᠤᠮ ᠃
    ᠪᠣᠰᠣᠤᠨ  ᠬᠦᠮᠦᠨ ᠦ ᠵᠣᠯ ᠵᠢᠷᠭᠠᠯ ᠢ ᠰᠡᠪᠳᠦᠭᠡᠬᠦ ᠦᠭᠡᠢ ᠪᠠᠶᠢᠬᠤ ᠶ᠋ᠢ ᠬᠢᠴᠢᠶᠡᠬᠦ ᠪᠣᠯ ᠬᠦᠮᠦᠰ ᠦᠨ ᠬᠡᠪ ᠪᠣᠯᠪᠠᠰᠤᠷᠠᠯ  ᠤᠬᠠᠭᠠᠨ ᠰᠠᠨᠠᠭ᠎ᠠ ᠲᠠᠢ ᠬᠣᠯᠪᠣᠬᠳᠠᠬᠤ  ᠶᠤᠮ ᠃ ᠵᠣᠯ ᠵᠢᠷᠭᠠᠯ ᠢ ᠬᠦᠮᠦᠰ ᠥᠪᠡᠷᠰᠡᠳ ᠦᠨ ᠢᠶ᠋ᠡᠨ ᠰᠡᠦᠨᠬᠢᠯ ᠰᠠᠨᠠᠭ᠎ᠠ ᠪᠠᠷ ᠢᠶᠡᠨ ᠳᠣᠬᠢᠷᠠᠭᠤᠯᠵᠤ ᠪᠠᠶᠢᠳᠠᠭ ᠃ ᠭᠡᠬᠦ ᠳ᠋ᠦ ᠨᠡᠶᠢᠭᠡᠮ ᠦᠨ ᠬᠠᠷᠢᠯᠴᠠᠭ᠎ᠠ ᠶᠠᠪᠤᠯᠴᠠᠭᠠᠨ ᠳᠣᠮᠳᠠ ᠰᠠᠨᠠᠭᠠᠴᠢᠯᠠᠭ᠎ᠠ ᠲᠠᠢ ᠪᠤᠶᠤ ᠰᠠᠨᠠᠮᠰᠠᠷ ᠦᠭᠡᠢ ᠪᠡᠷ ᠪᠣᠰᠣᠤᠨ  ᠤᠨ ᠵᠣᠯ ᠵᠢᠷᠭᠠᠯ ᠢ  ᠰᠡᠪᠲᠦᠭᠡᠨ ᠦᠭᠡᠶᠢᠬᠢᠬᠦ  ᠤᠶᠢᠯᠡᠶᠠᠪᠤᠳᠠᠯ ᠦᠭᠡ ᠶᠠᠷᠢᠶ᠎ᠠ ᠵᠥᠩᠳᠡᠭᠡᠨ ᠭᠠᠷᠳᠠᠭ ᠃  ᠡᠶᠢᠨᠬᠦ ᠡᠷᠬᠡ ᠵᠡᠷᠭᠡ ᠂ ᠡᠳ᠋ ᠮᠥᠩᠭᠥ ᠂ ᠡᠷᠳᠡᠮ ᠮᠡᠳᠡᠯᠭᠡ ᠂ ᠦᠷ᠎ᠡ ᠬᠡᠦᠬᠡᠳ ᠂ ᠠᠵᠢᠯ ᠠᠮᠢᠳᠤᠷᠠᠯ ᠵᠡᠷᠭᠡ ᠵᠡᠷᠭᠡ ᠣᠯᠠᠨ ᠲᠠᠯ᠎ᠠ ᠳ᠋ᠤ ᠠᠳᠠᠯᠢᠣᠨᠬᠠᠯ ᠶᠠᠪᠤᠭᠤᠯᠤᠨ ᠥᠪᠡᠷ ᠢ ᠪᠡᠨ ᠡᠷᠭᠦᠨ ᠥᠷᠦᠭᠡᠯ ᠦᠨ ᠵᠣᠯ ᠵᠢᠷᠭᠠᠯᠳᠤ ᠰᠡᠦᠨᠬᠢᠯᠭᠡ ᠶ᠋ᠢ ᠰᠡᠪᠳᠦᠭᠡᠨ ᠦᠭᠡᠶᠢᠬᠢᠵᠦ ᠪᠣᠯᠬᠤ ᠦᠭᠡᠢ ᠃ ᠬᠦᠮᠦᠰ ᠦᠨ ᠠᠵᠢᠯ ᠠᠮᠢᠳᠤᠷᠠᠯ ᠳ᠋ᠤ ᠨᠠᠵᠠᠭᠠᠢ ᠤᠶᠢᠯᠡᠳᠦᠯ ᠦᠵᠡᠭᠦᠯᠦᠨ ᠮᠠᠭᠤ ᠨᠥᠯᠦᠭᠡ ᠭᠠᠷᠭᠠᠬᠤ ᠶ᠋ᠢ ᠣᠨᠴᠠᠭᠠᠶᠢᠯᠠᠨ ᠬᠢᠴᠢᠶᠡᠪᠡᠰᠦ ᠵᠣᠬᠢᠨ᠎ᠠ ᠃ ᠬᠦᠮᠦᠨ ᠪᠦᠬᠦᠨ ᠦᠵᠡᠯ ᠰᠠᠨᠠᠭ᠎ᠠ ᠪᠠᠨ ᠲᠥᠪ ᠪᠣᠯᠭᠠᠨ ᠦᠭᠡ ᠬᠡᠯᠡᠯᠭᠡ ᠪᠡᠨ ᠵᠥᠪ  ᠪᠠᠶᠢᠯᠭᠠᠵᠤ ᠪᠣᠰᠣᠤᠨ  ᠬᠦᠮᠦᠨ ᠦ ᠵᠣᠯ ᠵᠢᠷᠭᠠᠯ ᠢ ᠪᠢᠲᠡᠭᠡᠢ ᠰᠡᠪᠳᠦᠭᠡᠶ᠎ᠡ ︕
                                                      ᠯᠢ ᠪᠤᠶᠠᠨᠴᠤᠬᠯᠠ
ᠢᠷᠡᠯᠳᠡ᠄ ᠨᠠᠶᠢᠷᠠᠭᠤᠯᠤᠭᠴᠢ᠄ ᠳᠤᠯᠠᠭᠠᠨ