ᠨᠠᠷᠠᠯᠠᠭ ᠬᠠᠶᠢᠷ᠎ᠠ -- ᠨᠠᠨᠳᠢᠨ ᠳᠠᠪᠰᠢᠯᠲᠠ

ᠣᠩᠰᠢᠭᠰᠠᠨ ᠤᠳᠠᠭ᠎ᠠ ᠄ 7064     ᠨᠡᠶᠢᠳᠡᠯᠡᠭᠰᠡᠨ ᠴᠠᠭ ᠄ 2018/10/12 10:54:57

      ᠮᠠᠨ ‍ᠤ ᠮᠣᠩᠭᠣᠯ ‍ᠤᠨ ᠶᠡᠷᠦ ᠶ᠋ᠢᠨ ᠦᠭᠡᠨ ᠳ᠋ᠤ ︿ ︿ ᠬᠠᠶᠢᠷ᠎ᠠ ᠪᠠᠶᠢᠮᠠᠨᠵᠢᠨ ᠳᠠᠪᠰᠢᠯᠲᠠ ᠪᠠᠶᠢᠨ᠎ᠠ ᠂ ᠳᠠᠪᠰᠢᠯᠲᠠ ᠪᠠᠶᠢᠮᠠᠨᠵᠢᠨ ᠣᠮᠤᠭᠰᠢᠯ ᠪᠠ ᠳᠣᠭᠳᠣᠯᠣᠯ ᠪᠠᠶᠢᠨ᠎ᠠ ︕ ﹀ ﹀ ᠭᠡᠳᠡᠭ ᠃ ᠪᠠᠭᠰᠢ ᠬᠦᠮᠦᠨ ‍ᠤ ᠣᠮᠤᠭᠰᠢᠯ ᠪᠠ ᠳᠣᠭᠳᠣᠯᠣᠯ ᠰᠤᠷᠤᠭᠴᠢ ᠶ᠋ᠢᠨ ᠬᠢᠨᠢ ᠳᠠᠪᠰᠢᠯᠲᠠ  ᠡᠴᠠ ᠢᠷᠡᠳᠡᠭ ᠃  ᠬᠠᠶᠢᠷ᠎ᠠ ᠪᠠᠶᠢᠮᠠᠨᠵᠢᠨ ᠳᠠᠪᠰᠢᠯᠲᠠ ᠪᠠᠶᠢᠳᠠᠭ ᠤᠴᠢᠷ ᠬᠤᠪᠢ ᠬᠥᠮᠦᠨ ᠠᠵᠢᠯ ᠢᠶᠡᠨ ᠬᠠᠶᠢᠷᠠᠯᠠᠵᠤ ᠂ ᠰᠤᠷᠤᠭᠴᠢ ᠪᠠᠨ ᠬᠠᠶᠢᠷᠠᠯᠠᠨ ᠰᠤᠷᠭᠠᠵᠤ ᠡᠳᠦᠷ ᠡᠴᠠ ᠡᠳᠦᠷ ᠥᠭᠡᠳᠡᠯᠨᠨ ᠳᠠᠪᠰᠢᠭᠤᠯᠬᠤ ᠪᠠᠷ ᠮᠡᠷᠡᠶᠢᠵᠡᠢ ᠃
     ᠠᠩᠭᠢ ᠳ᠋ᠥ ᠰᠤᠷᠭᠠᠯ ᠠᠪᠳᠠᠭ ᠦᠭᠡᠢ ᠠᠯᠢᠶ᠎ᠠ ᠰᠤᠷᠤᠭᠴᠢ ᠤᠯᠠᠨ ᠪᠠᠶᠢᠬᠤ ᠡᠴᠠ ᠭᠠᠳᠠᠨ᠎ᠠ ᠪᠠᠰᠠ ᠯᠢ ᠶᠦᠩ ᠱᠸᠩ ᠂ ᠲᠢᠶᠸ ᠱᠠᠨ ᠂ ᠠᠨᠳᠠ ᠵᠡᠷᠭᠡ ᠭᠡᠷ ᠦᠨ ᠨᠦᠬᠦᠴᠡᠯ ᠪᠠᠷᠤᠭᠲᠠᠢ ᠰᠤᠷᠤᠭᠴᠢ ᠪᠠᠶᠢᠬᠤ ᠶ᠋ᠢ ᠰᠡᠷᠡᠵᠦ ᠮᠡᠳᠡᠪᠠ ᠃
     ᠠᠨᠳᠠ ᠪᠣᠯ ᠬᠠᠷ᠎ᠠ ᠪᠠᠭ᠎ᠠ ᠡᠴᠠ ᠪᠠᠨ ᠡᠵᠢ ᠠᠪᠤ᠋ ᠶ᠋ᠢᠨ ᠬᠠᠶᠢᠷ᠎ᠠ ᠡᠨᠡᠷᠢᠯ ᠢ ᠬᠦᠷᠲᠡᠭᠰᠡᠨ ᠦᠭᠡᠢ ᠂ ᠨᠠᠰᠤ ᠠᠬᠢᠭᠰᠠᠨ ᠡᠮᠡᠭᠡ ᠬᠣᠶᠠᠭᠤᠯᠠ ᠪᠠᠨ ᠠᠷᠭᠠᠴᠠᠭᠠᠨ ᠠᠮᠢᠳᠤᠷᠠᠵᠤ ᠂ ᠬᠠᠷᠠᠬᠠᠨ ᠪᠠᠭ᠎ᠠ ᠡᠴᠠ ᠪᠠᠨ ᠬᠠᠶᠢᠷ᠎ᠠ ᠰᠤᠷᠭᠠᠯ ᠳᠤᠲᠠᠭᠣ ᠂ ᠠᠮᠠᠨᠡᠭᠡᠭᠡᠪᠡᠯ ᠬᠤᠳᠠᠯ ᠶᠠᠷᠢᠵᠤ ᠬᠤᠤᠳᠤᠤ ᠶᠠᠪᠤᠳᠠᠭ  ᠂  ᠶᠠᠭᠤ ᠲᠠᠭᠠᠷᠠᠪᠠᠯ ᠶᠠᠭᠤ ᠬᠤᠯᠠᠭᠠᠶᠢᠯᠠᠳᠠᠭ ᠪᠦᠭᠡᠳ ᠬᠣᠭ ᠤᠨ ᠰᠠᠪᠠᠨ ᠳ᠋ᠥ ᠣᠷᠤᠵᠤ ᠬᠠᠶᠠᠭᠳᠠᠮᠠᠯ ᠢ ᠲᠡᠭᠦᠨ ᠢᠳᠡᠳᠡᠭ ᠭᠣᠶᠢᠷᠠᠨᠴᠢ ᠳᠦᠷᠢ ᠲᠠᠢ ᠂ ᠨᠥᠬᠦᠳ ᠲᠤ ᠪᠠᠨ ᠰᠢᠭᠤᠳ ᠰᠦᠭᠦᠳᠦᠨ ᠮᠦᠷᠭᠦᠵᠦ ᠶᠠᠭᠤᠮ᠎ᠠ ᠭᠤᠶᠤᠵᠤ ᠠᠪᠳᠠᠭ ᠢᠴᠢᠭᠦᠷᠢ ᠰᠤᠨᠵᠢᠭᠤᠷᠢ ᠶ᠋ᠢ ᠮᠡᠳᠡᠳᠡᠭ ᠦᠭᠡᠢ ᠂ ᠥᠪᠡᠷ ᠢ ᠪᠡᠨ ᠬᠦᠨᠳᠦᠳᠭᠡᠬᠦ ᠂ ᠪᠣᠰᠣᠳ ᠢ ᠬᠦᠨᠳᠦᠳᠭᠡᠬᠦ ᠶ᠋ᠢ ᠮᠡᠳᠡᠳᠡᠭ ᠦᠭᠡᠢ ᠥᠭᠡᠨᠴᠡ ᠳᠤᠷᠤᠢ ᠠᠪᠤᠷᠢ ᠲᠠᠢ ᠂ ᠥᠷᠦ ᠡᠪᠡᠳᠦᠮᠡᠷ ᠮᠥᠷᠲᠡᠭᠡᠨ ᠠᠭᠤᠷ ᠢ ᠬᠦᠷᠭᠡᠮᠡᠷ ᠬᠡᠦᠬᠡᠳ ᠃
ᠳᠤᠤᠷ᠎ᠠ ᠬᠤᠪᠢ ᠬᠦᠮᠦᠨ ᠠᠨᠳᠠ ᠶ᠋ᠢᠨ ᠠᠩᠭᠢ ᠶ᠋ᠢᠨ ᠡᠷᠬᠢᠯᠡᠭᠴᠢ ᠪᠤᠯᠤᠭᠰᠠᠨ ᠬᠤᠪᠢ ᠡᠴᠠ ᠠᠨᠳᠠ ᠶ᠋ᠢ ᠢᠳᠡᠵᠦ ᠡᠮᠦᠰᠬᠦ ᠂ ᠡᠳ᠋ᠯᠡᠵᠦ ᠬᠡᠷᠡᠭᠯᠡᠬᠦ ᠳ᠋ᠤ ᠪᠠᠨ ᠭᠠᠴᠢᠭᠳᠠᠬᠤ ᠦᠬᠡᠢ ᠂ ᠬᠢᠴᠢᠶᠡᠯ ᠰᠤᠷᠤᠯᠭ᠎ᠠ ᠳ᠋ᠤ ᠪᠠᠨ ᠴᠢᠷᠮᠠᠶᠢᠯᠲᠠ ᠲᠠᠢ ᠂ ᠡᠷᠡᠭᠦᠯ ᠰᠠᠷᠠᠭᠤᠯ ᠰᠡᠳᠭᠢᠴᠡ ᠲᠡᠢ ᠪᠠᠭᠠᠴᠤᠤᠯ ᠪᠣᠯᠭᠠᠬᠤ  ᠪᠠᠷ ᠬᠢᠭᠰᠡᠨ ᠠᠵᠢᠯ ‍ᠤᠳ ᠡᠴᠠ ᠪᠠᠨ ᠬᠡᠰᠡᠭ  ᠶᠠᠷᠢᠶ᠎ᠠ ᠃
     ᠨᠢᠭᠡ ᠂ ᠡᠩ ᠲᠡᠷᠢᠭᠦᠨ ᠳ᠋ᠤ ᠨᠦᠬᠦᠳ ‍ᠤᠨ  ᠬᠠᠶᠢᠷ᠎ᠠ ᠂ ᠪᠠᠭᠰᠢ ᠶ᠋ᠢᠨ ᠬᠠᠯᠠᠮᠵᠢᠯᠠᠯ ‍ᠢ ᠬᠦᠷᠲᠡᠭᠡᠨ ︿ ︿  ᠨᠠᠶᠢᠵᠠ ᠶ᠋ᠢᠨ ᠰᠡᠳᠭᠢᠯ ᠳᠦᠭᠦᠷᠡᠩ ᠪᠠᠶᠢᠭᠠᠰᠠᠢ﹀ ﹀ ᠬᠡᠭᠦ ᠰᠡᠳᠦᠪ ᠢᠶ᠋ᠡᠷ ᠠᠩᠭᠢ ᠶ᠋ᠢᠨ ᠬᠤᠷᠠᠯ  ᠬᠢᠵᠦ ᠂ ᠰᠤᠷᠤᠭᠴᠢᠳ ‍ᠢ ᠴᠢᠳᠠᠯ ᠤᠨ ᠢᠶᠡᠨ ᠬᠢᠷᠢ ᠪᠡᠷ ᠠᠨᠳᠠ ᠶ᠋ᠢ ᠪᠠᠨ ᠬᠠᠪᠰᠤᠷᠤᠶ᠎ᠠ ᠂  ᠠᠨᠳᠠ ᠶ᠋ᠢ ᠤᠬᠠᠭᠠᠨ ᠲᠠᠢ ᠬᠡᠦᠬᠡᠳ ᠪᠤᠯᠭᠠᠶ᠎ᠠ ᠭᠡᠵᠦ ᠣᠷᠢᠶᠠᠯᠠᠭᠰᠠᠨ ᠳ᠋ᠥ ᠮᠠᠨ ᠤ ᠰᠤᠷᠤᠭᠴᠢᠳ  ᠠᠨᠳᠠ ᠳ᠋ᠥ ᠬᠠᠷᠠᠨᠳᠠ ᠂ ᠪᠠᠯᠠᠯᠤᠭᠤᠷ ᠂ ᠠᠯᠴᠢᠭᠤᠷ ᠂ ᠂ ᠂ ᠂ ᠵᠡᠷᠭᠡ ᠵᠡᠷᠭᠡ ᠪᠣᠳᠠᠰ ᠢᠶᠡᠨ ᠦᠭᠴᠦ  ᠲᠤᠰᠠᠯᠠᠭᠰᠠᠨ ᠃ ᠪᠠᠰᠠ ᠬᠠᠯᠠᠭᠤᠨ ᠡᠭᠡᠨᠡᠭ ᠵᠤᠷᠢᠭᠵᠢᠭᠤᠯᠬᠤ ᠦᠭᠡ ᠪᠠᠷ ᠤᠷᠮ᠎ᠠ ᠬᠠᠶᠢᠷᠠᠯᠠᠨ ᠵᠤᠷᠢᠭᠵᠢᠭᠤᠯᠤᠭᠰᠠᠨ ᠃
    ᠬᠤᠶᠠᠷ ᠂ ᠣᠨᠴᠠᠭᠠᠶᠢᠯᠠᠨ ᠠᠨᠳᠠ ᠶ᠋ᠢᠨ ᠦᠢᠯᠡ ᠠᠵᠢᠯᠯᠠᠭ᠎ᠠ ᠳ᠋ᠤ ᠰᠤᠷᠤᠭᠴᠢ ᠨᠦᠬᠦᠳ ᠢᠶᠠᠷ ᠨᠢ ᠬᠢᠨᠠᠯᠲᠠ ᠲᠠᠯᠪᠢᠭᠤᠯᠤᠨ ᠵᠢᠭᠠᠵᠤ ᠳᠤᠬᠢᠭᠤᠯᠵᠤ ᠵᠦᠪ ᠲᠠᠰᠢ ᠬᠦᠲᠦᠯᠦᠨ ᠵᠢᠯᠤᠭᠤᠳᠴᠠᠢ ᠃
    ᠭᠤᠷᠪᠠ ᠂ ᠪᠢ  ᠴᠢᠳᠠᠯ ‍ᠤᠨ ᠬᠢᠷᠢ ᠪᠠᠷ ᠬᠠᠪᠰᠤᠷᠤᠨ ᠬᠠᠷᠠᠭᠠᠯᠵᠠᠬᠤ ᠪᠠᠷ ᠴᠢᠷᠮᠠᠶᠢᠵᠠᠢ ᠃  ( ᠬᠤᠪᠢ ᠬᠦᠮᠦᠨ ‍ᠤ ᠡᠯ᠎ᠠ ᠲᠠᠯ᠎ᠠ ᠶ᠋ᠢᠨ ᠨᠦᠬᠦᠴᠡᠯ ᠪᠠᠷᠤᠭᠲᠠᠢ ) ᠬᠦᠦ ᠶ᠋ᠢᠨ ᠢᠶ᠋ᠡᠨ ᠪᠠᠭᠠᠳᠠᠭᠰᠠᠨ ᠬᠡᠳᠦᠨ ᠵᠠᠬ᠎ᠠ ᠬᠤᠪᠴᠠᠰᠤ ᠶ᠋ᠢ ᠠᠪᠴᠢᠷᠠᠨ  ᠲᠡᠳᠡᠨ ᠳ᠋ᠥ ᠡᠮᠦᠰᠭᠡᠨ ᠨᠢᠭᠡᠨ ᠴᠡᠪᠡᠷ ᠴᠡᠮᠴᠡᠭᠡᠷ ᠬᠡᠦᠬᠡᠳ ᠪᠣᠯᠭᠠᠶ᠎ᠠ ᠭᠡᠵᠦ ᠴᠢᠷᠮᠠᠶᠢᠵᠠᠢ ᠃      ᠮᠦᠨ ᠭᠠᠷᠠᠭ ᠪᠦᠷᠢ ᠲᠡᠳᠡᠨ ᠦ ᠪᠤᠵᠠᠷ ᠪᠤᠯᠤᠭᠰᠠᠨ ᠬᠤᠪᠴᠠᠰᠤ ᠶ᠋ᠢ ᠨᠢ ᠰᠤᠷᠭᠠᠭᠤᠯᠢ ᠶ᠋ᠢᠨ ᠬᠤᠪᠴᠠᠰᠤ ᠤᠬᠢᠶᠠᠬᠤ ᠲᠠᠰᠣᠭ ᠲᠣ ᠠᠪᠠᠴᠢᠨ ᠤᠬᠢᠶᠠᠯᠭᠠᠭᠰᠠᠨ ᠃  ᠦᠰᠦ ᠭᠡᠵᠢᠭᠡ ᠶ᠋ᠢ ᠨᠢ ᠤᠬᠢᠶᠠᠵᠤ ᠥᠭᠭᠦᠭᠰᠡᠨ ᠃
     ᠳᠦᠷᠪᠡ ᠂  ᠬᠠᠮᠲᠤ ᠣᠯᠠᠨ ‍ᠤ ᠬᠠᠯᠠᠭᠤᠨ ᠬᠠᠪᠰᠤᠷᠤᠯᠭ᠎ᠠ
    1 ᠂ ᠠᠨᠳᠠ ᠬᠤᠳᠠᠯ ᠶᠠᠷᠢᠵᠤ ᠬᠤᠯᠠᠭᠠᠶᠢᠴᠢ ᠶᠠᠪᠤᠳᠠᠭ ᠪᠦᠭᠡᠳ ᠬᠣᠭ ᠢ ᠲᠡᠭᠦᠵᠦ ᠢᠳᠡᠳᠡᠭ ᠲᠤᠯᠠ ᠰᠤᠷᠭᠠᠭᠤᠯᠢ ᠶ᠋ᠢᠨ ᠣᠯᠠᠩᠭᠢ ᠪᠠᠭᠰᠢ ᠰᠤᠷᠤᠭᠴᠢ ᠪᠦᠷ ᠲᠡᠭᠦᠨ ᠢ ᠲᠠᠨᠢᠨ᠎ᠠ ᠃ ᠮᠠᠨ ᠤ ᠰᠤᠷᠭᠠᠭᠤᠯᠢ ᠶ᠋ᠢᠨ ᠠᠬᠠᠮᠠᠳ ᠵᠠᠬᠢᠷᠤᠯ ᠴᠸᠨ ᠵᠠᠬᠢᠷᠣᠯ ᠠᠨᠳᠠ ᠶ᠋ᠢᠨ ᠪᠠᠶᠢᠳᠠᠯ ᠢ ᠮᠡᠳᠡᠭᠡᠳ ᠠᠨᠳᠠ ᠳ᠋ᠥ ᠪᠢᠴᠢᠭ ᠦᠨ ᠬᠡᠷᠡᠭᠰᠡᠯ ᠠᠪᠴᠤ ᠦᠭᠭᠦᠭᠡᠷᠡᠢ ᠭᠡᠵᠦ ᠨᠠᠳᠠ ᠳ᠋ᠥ ᠲᠠᠪᠢᠨ ᠲᠦᠭᠦᠷᠢᠭ ᠬᠠᠳᠠᠭᠠᠯᠠᠭᠤᠯᠤᠭᠰᠠᠨ ᠪᠦᠭᠡᠳ ᠦᠷᠭᠦᠯᠵᠢ ᠲᠡᠭᠦᠨ ᠦ ᠠᠮᠢᠳᠤᠷᠠᠯ ᠰᠤᠷᠤᠯᠴᠠᠯᠭ᠎ᠠ ᠶ᠋ᠢᠨ ᠪᠠᠶᠢᠳᠠᠯ ᠢ ᠠᠩᠵᠠᠭᠠᠷᠠᠵᠤ  ᠂ ᠵᠠᠬᠢᠵᠤ ᠰᠤᠷᠭᠠᠭᠰᠠᠨ ᠃
    2.ᠮᠠᠨ  ᠤ ᠠᠬᠠᠮᠠᠳ ᠪᠠᠭᠰᠢ ᠴᠸᠨ ᠬᠠᠰᠭᠡᠷᠡᠯ ᠂ ᠸᠠᠩ ᠯᠢᠶᠠᠩ ᠷᠦᠩ ᠵᠡᠷᠭᠡ ᠪᠠᠭᠰᠢ ᠠᠨᠳᠠ ᠶ᠋ᠢᠨ ᠪᠠᠶᠢᠳᠠᠯ ᠢ ᠮᠡᠳᠡᠭᠡᠳ ᠲᠡᠭᠦᠨ ᠢ ᠮᠠᠰᠢ ᠥᠷᠥ ᠡᠪᠡᠳᠴᠦ ᠬᠦᠯᠢᠴᠡᠩᠭᠦᠢ ᠪᠡᠷ ᠵᠢᠭᠠᠵᠤ ᠰᠤᠷᠭᠠᠭᠰᠠᠨ ᠪᠦᠭᠡᠳ ᠦᠷᠭᠦᠯᠵᠢ ᠠᠨᠳᠠ ᠳ᠋ᠥ ᠨᠢᠭᠡ ᠲᠦᠭᠦᠷᠢᠭ ᠂ ᠬᠣᠶᠠᠷ ᠲᠥᠭᠦᠷᠢᠭ ᠰᠤᠯᠠ ᠵᠠᠷᠤᠬᠤ ᠵᠣᠭᠣᠰ ᠥᠭᠳᠡᠭ ᠪᠦᠭᠡᠳ ᠂ ᠰᠢᠬᠢᠷ ᠂ ᠪᠤᠭᠤᠷᠰᠤᠭ ᠂ ᠂ ᠂ ᠂ ᠵᠡᠷᠭᠡ ᠢᠳᠡᠭᠡᠨ ᠠᠪᠴᠢᠷᠠᠨ ᠦᠭᠴᠦ ᠬᠠᠷᠠᠭᠠᠯᠵᠠᠭᠰᠠᠨ ᠪᠠᠶᠢᠨ᠎ᠠ ᠃
    3. ᠮᠠᠨ ᠤ ᠠᠩᠭᠢ ᠶ᠋ᠢᠨ ᠬᠢᠲᠠᠳ ᠬᠡᠯᠡᠨ ᠦ ᠪᠠᠭᠰᠢ -- ᠶᠢᠩ ᠬᠤᠸᠠ ᠪᠠᠭᠰᠢ ᠪᠠ ᠮᠠᠨ ᠤ ᠲᠤᠭᠠᠨ ᠤ ᠪᠠᠭᠰᠢ -- ᠪᠣᠣ ᠲᠣᠶᠠᠭ᠎ᠠ ᠪᠠᠭᠰᠢ ᠪᠠᠰᠠ ᠠᠨᠳᠠ ᠶ᠋ᠢ ᠪᠢᠷ ᠴᠠᠭᠠᠰᠤ ᠂ ᠲᠠᠰᠬᠠᠯ ᠪᠣᠯᠪᠠᠰᠣᠷᠠᠯ ᠵᠡᠷᠭᠡ ᠪᠡᠷ ᠣᠯᠠᠨᠲᠠ ᠲᠤᠰᠠᠯᠠᠭᠰᠠᠨ ᠃
    4.  ᠮᠢᠨᠦ ᠨᠣᠮ ᠤᠨ ᠠᠬ᠎ᠠ -- ᠪᠣᠣ ᠯᠢᠶᠠᠨ ᠱᠸᠩ ᠪᠠᠭᠰᠢ ᠠᠨᠳᠠ ᠶ᠋ᠢ ᠳᠠᠭᠠᠭᠠᠴᠢᠯᠠᠨ ᠠᠪᠴᠤ ᠵᠠᠬᠢᠵᠤ ᠰᠤᠷᠭᠠᠭᠰᠠᠨ ᠪᠠᠶᠢᠨ᠎ᠠ ᠃ ᠯᠢᠶᠠᠨ ᠱᠸᠩ ᠪᠠᠭᠰᠢ ᠴᠢᠯᠦᠭᠡ ᠵᠠᠪ ᠭᠠᠷᠤᠭᠰᠠᠭᠠᠷ ᠯᠠ ᠠᠨᠳᠠ ᠶ᠋ᠢ ᠠᠯᠪᠠᠨ ᠭᠡᠷ ᠲᠣ ᠪᠠᠨ ᠳᠠᠭᠤᠳᠠᠨ ᠠᠪᠠᠴᠢᠵᠤ ᠰᠤᠷᠤᠯᠭ᠎ᠠ ᠂ ᠠᠮᠢᠳᠤᠷᠠᠯ ᠤᠨ ᠬᠢᠨᠢ ᠲᠤᠬᠠᠢ ᠠᠰᠠᠭᠤᠵᠤ ᠰᠤᠷᠭᠠᠨ ᠂ ᠮᠤᠷᠠᠯ ᠰᠤᠷᠲᠠᠯ ᠤᠨ ᠬᠢᠨᠢ ᠲᠤᠬᠠᠢ ᠵᠢᠭᠠᠵᠤ ᠰᠤᠷᠭᠠᠭᠰᠠᠨ ᠃ ᠮᠦᠨ ᠴᠦ ᠠᠨᠳᠠ ᠶ᠋ᠢ ᠪᠣᠯᠪᠠᠰᠤᠨ ᠪᠠᠭᠠᠴᠤᠤᠯ ᠪᠣᠯᠣᠭᠠᠷᠠᠢ ᠭᠡᠵᠦ ᠴᠠᠭ ᠢᠮᠠᠭᠲᠠ ᠴᠢᠩᠭ᠎ᠠ ᠱᠠᠭᠠᠷᠳᠠᠳᠠᠭ ᠃
    5.ᠠᠩᠭᠢ ᠶ᠋ᠢᠨ ᠰᠤᠷᠤᠭᠴᠢᠳ ᠪᠠᠰᠠ ᠠᠨᠳᠠ ᠶ᠋ᠢ ᠴᠢᠳᠠᠯ ᠤᠨ ᠢᠶᠡᠨ ᠬᠢᠷᠢ ᠪᠡᠷ ᠬᠠᠪᠰᠤᠷᠤᠨ ᠲᠤᠰᠠᠯᠠᠵᠤ ᠴᠠᠭ ᠢᠮᠠᠭᠲᠠ ᠲᠡᠭᠦᠨ ᠦ ᠦᠢᠯᠡ ᠠᠵᠢᠯᠯᠠᠭ᠎ᠠ ᠶ᠋ᠢ ᠬᠢᠨᠡᠵᠤ ᠵᠦᠪ ᠲᠡᠰᠢ ᠬᠦᠲᠦᠯᠦᠭᠰᠡᠨ ᠃
    6.  ︿ ︿ ᠭᠡᠷ ‍ᠤᠨ ᠠᠬᠠᠮᠠᠳ ‍ᠤᠨ ᠵᠦᠪᠯᠠᠯ ﹀ ﹀ ‍ᠤᠨ ᠭᠡᠰᠢᠭᠦᠳ ‍ᠤᠨ ᠦᠢᠯᠠᠳᠦᠯ ᠴᠢᠳᠠᠪᠤᠷᠢ ᠶ᠋ᠢ ᠭᠦᠢᠴᠡᠳ ᠪᠠᠳᠠᠷᠠᠭᠤᠯᠬᠤ ᠪᠠᠷ ᠤᠷᠤᠯᠳᠤᠵᠠᠢ ᠃ ᠮᠠᠨ ‍ᠤ ᠵᠦᠪᠯᠡᠯ ‍ᠤᠨ ᠡᠷᠬᠢᠯᠡᠭᠴᠢ ᠬᠠᠰᠲᠤᠶᠠᠭ᠎ᠠ ᠨᠦᠬᠦᠷ ᠡᠳᠡᠭᠡᠷ ᠬᠡᠳᠦᠨ ᠰᠤᠷᠤᠭᠴᠢ ᠶ᠋ᠢᠨ ᠠᠩᠭᠢ ᠶ᠋ᠢᠨ ᠬᠤᠪᠴᠠᠰᠤ ᠶ᠋ᠢᠨ ᠰᠦᠢᠳᠭᠡᠯ ‍ᠢ ᠡᠭᠦᠷᠭᠡᠯᠡᠵᠡᠢ ᠃ ᠮᠠ ᠵᠢᠨ ᠶᠦᠸ᠋ᠸ ᠶ᠋ᠢᠨ ᠠᠪᠤ᠋ ᠪᠠᠭᠠᠳᠤᠷ ᠨᠦᠬᠦᠷ ᠵᠢᠷᠭᠤᠭᠠᠨ ᠰᠠᠷ᠎ᠠ ᠶ᠋ᠢᠨ ᠨᠢᠭᠡᠨ ‍ᠤ ᠪᠠᠶᠠᠷ ‍ᠤᠨ ᠮᠠᠨ ‍ᠤ ᠠᠩᠭᠢ ᠶ᠋ᠢᠨ ᠰᠤᠷᠤᠭᠴᠢᠳ ‍ᠤᠨ ᠤᠤᠭᠤᠬᠤ ᠣᠰᠣ ᠶ᠋ᠢ ᠰᠢᠢᠳᠪᠦᠷᠢᠯᠡᠵᠡᠢ ᠃  ᠭᠦᠸ᠋ᠸ ᠴᠢ ᠠᠨ ‍ᠤ ᠠᠪᠤ᠋  ᠬᠦᠸ᠋ᠸ ᠰᠠᠶᠢᠨᠪᠠᠶᠠᠷ  ᠨᠦᠬᠦᠷ ᠰᠤᠷᠤᠭᠴᠢᠳ ‍ᠤᠨ ᠤᠤᠭᠤᠬᠤ ᠤᠮᠳᠠᠭᠠᠨ ᠪᠠ ᠨᠠᠷᠠ ᠬᠠᠯᠬᠠᠯᠠᠬᠤ ᠬᠡᠳᠦᠨ ᠪᠦᠳᠦᠭᠦᠨ ᠰᠢᠬᠦᠷ ᠬᠠᠩᠭᠠᠵᠠᠢ ᠃
      ᠲᠠᠪᠤ᠋ ᠂  ᠳᠠᠪᠰᠢᠯᠲᠠ ᠪᠠ ᠣᠳᠣᠬᠢ ᠪᠠᠶᠢᠳᠠᠯ
      ︿ ︿ ᠣᠯᠠᠨ ᠤ ᠬᠦᠴᠦ ᠠᠭᠤᠯᠠ ᠶ᠋ᠢ ᠨᠡᠭᠦᠯᠭᠡᠨ᠎ᠡ ﹀ ﹀ ᠭᠡᠳᠡᠭ ᠢᠶ᠋ᠡᠷ ᠯᠢ ᠶᠦᠩ ᠱᠸᠩ ᠂ ᠲᠢᠶᠸ ᠱᠠᠨ ᠂ ᠠᠨᠳᠠ  ᠂ ᠡᠦ ᠢᠦᠢ ᠴᠢᠶᠠᠩ  ᠵᠡᠷᠭᠡ ᠡᠯ᠎ᠡ ᠲᠠᠯ᠎ᠠ ᠪᠠᠷ ᠬᠦᠴᠢᠷᠳᠡᠯᠲᠡᠢ ᠰᠤᠷᠤᠭᠴᠢᠳ ᠨᠠᠷᠠᠯᠠᠭ ᠢᠳᠡᠪᠬᠢᠲᠡᠢ ᠠᠮᠢᠳᠤᠷᠠᠬᠤᠢ ᠶ᠋ᠢᠨ ᠤᠪᠤᠷ ᠲᠠᠢ ᠂ ᠠᠬᠠᠰ ᠵᠠᠬᠠᠰ ᠢᠶᠡᠨ ᠬᠦᠨᠳᠦᠳᠭᠡᠳᠡᠭ ᠂  ᠪᠣᠰᠣᠳ ‍ᠢ ᠬᠠᠪᠰᠤᠷᠴᠤ ᠰᠠᠶᠢᠨ ᠬᠦᠮᠦᠨ ‍ᠤ ᠰᠠᠶᠢᠨ ᠦᠢᠯᠡ ᠬᠢᠳᠡᠭ ᠂ ᠰᠤᠷᠤᠯᠭ᠎ᠠ ᠳ᠋ᠤ ᠪᠠᠨ ᠴᠢᠷᠮᠠᠶᠢᠯᠲᠠ ᠲᠠᠢ  ᠂ ᠰᠡᠳᠭᠢᠯ ᠳᠦᠭᠦᠷᠡᠩ  ᠤᠮᠤᠭ ᠪᠠᠬᠠᠳᠤᠯ ᠲᠠᠢ ᠬᠡᠦᠬᠡᠳ ᠪᠣᠯᠣᠨ  ᠬᠦᠮᠦᠵᠢᠭᠳᠡᠵᠦ ᠪᠠᠶᠢᠨ᠎ᠠ ᠃
      ᠡᠦ ᠢᠦᠢ ᠴᠢᠶᠠᠩ  ᠮᠤᠷᠠᠯ ᠰᠤᠷᠤᠯᠭ᠎ᠠ ᠡᠯ᠎ᠡ ᠲᠠᠯ᠎ᠠ ᠪᠠᠷ ᠰᠢᠯᠢᠳᠡᠭ ᠰᠤᠷᠤᠭᠴᠢ ᠂ ᠮᠦᠨ ᠴᠤ ᠬᠣᠶᠠᠷ ᠤᠲᠠᠰᠤᠲᠤ ᠬᠤᠭᠤᠷ ‍ᠢ ᠰᠠᠶᠢᠨ ᠲᠠᠲᠠᠳᠠᠭ ᠂  ᠵᠤᠬᠢᠶᠠᠵᠤ ᠨᠠᠶᠢᠷᠠᠭᠤᠯᠵᠤ ᠪᠢᠴᠢᠬᠦ ᠳᠣᠷ᠎ᠠ ᠲᠠᠢ ᠂ ᠲᠤᠭᠠᠨ ‍ᠤ ᠤᠬᠭᠠᠨ ᠢᠶᠡᠨ ᠵᠠᠭᠤᠨ ᠬᠤᠪᠢ ᠰᠢᠯᠭᠠᠳᠠᠭ ᠰᠤᠷᠤᠭᠴᠢ ᠪᠤᠯᠤᠭᠠᠳ ᠪᠠᠶᠢᠨ᠎ᠠ ᠃
       ᠵᠠ ᠂ ᠮᠢᠨᠦ ᠡᠳᠡᠭᠡᠷ ᠬᠡᠦᠬᠡᠳ ᠡᠳᠦᠷ ᠡᠴᠠ ᠡᠳᠦᠷ ᠦᠭᠡᠳᠡᠯᠡᠨ ᠳᠠᠪᠰᠢᠬᠤ ᠶ᠋ᠢ ᠳᠠᠭᠠᠳᠬᠠᠨ ᠵᠦᠩᠨᠡᠶ᠎ᠡ ︕

                                                                                    ᠽᠠᠨᠳᠠᠨᠮ᠎ᠠ
ᠢᠷᠡᠯᠳᠡ᠄ ᠨᠠᠶᠢᠷᠠᠭᠤᠯᠤᠭᠴᠢ᠄ ᠳᠤᠯᠠᠭᠠᠨ