ᠯᠢᠶᠠᠩ ᠾᠢ ᠵᠢᠶᠦ᠋ᠨ ᠬᠢᠭᠡᠦᠨ ︿ ︿ ᠬᠠᠶᠢᠷ᠎ᠠ ᠶ᠋ᠢᠨ ᠬᠡᠳᠦ ᠳᠡᠯᠭᠡᠭᠦᠷ ﹀ ﹀

ᠣᠩᠰᠢᠭᠰᠠᠨ ᠤᠳᠠᠭ᠎ᠠ ᠄ 6168     ᠨᠡᠶᠢᠳᠡᠯᠡᠭᠰᠡᠨ ᠴᠠᠭ ᠄ 2018/10/11 9:07:47

        ᠯᠢᠶᠠᠩ ᠾᠢ ᠵᠢᠶᠦ᠋ᠨ ᠪᠣᠯ ᠲᠠᠪᠢ ᠬᠦᠷᠴᠦ ᠶᠠᠪᠤᠭ᠎ᠠ ᠨᠠᠢᠮᠠᠨ ᠬᠤᠰᠢᠭᠤᠨ ᠤ ᠵᠡᠮᠳᠡᠭᠴᠦᠳ ᠦᠨ ᠬᠣᠯᠪᠤᠭᠠᠨ ᠤ ᠡᠷᠡᠭᠦᠯᠵᠢᠭᠦᠯᠬᠦ ᠬᠡᠯᠲᠡᠰ ᠦᠨ ᠡᠷᠬᠢᠯᠡᠭᠴᠢ ᠶ᠋ᠢᠨ ᠲᠤᠰᠢᠶᠠᠯ ᠲᠠᠢ ᠺᠠᠳ᠋ᠷ ᠃ ᠲᠡᠷᠡ ᠬᠠᠷᠠᠬᠠᠨ ᠪᠠᠭ᠎ᠠ ᠳ᠋ᠠᠭᠠᠨ ᠭᠠᠷ ᠢᠶᠡᠨ ᠭᠡᠮᠳᠦᠭᠡᠨ ᠪᠤᠯᠴᠢᠩ ᠨᠢ ᠠᠪᠴᠢᠵᠤ ᠭᠡᠮ ᠦᠯᠡᠳᠡᠭᠰᠡᠨ ᠪᠣᠯᠪᠠᠴᠤ ᠲᠡᠭᠦᠨ ᠦ ᠠᠵᠢᠯ ᠠᠮᠢᠳᠤᠷᠠᠯ ᠤᠨ ᠡᠷᠴᠢ ᠵᠣᠷᠢᠭ ᠤᠶᠤᠨ ᠪᠢᠯᠢᠭ ᠨᠢ ᠡᠷᠡᠭᠦᠯ ᠰᠠᠷᠠᠭᠤᠯ ᠬᠡᠪ ᠢᠶ᠋ᠡᠷ ᠪᠠᠶᠢᠵᠤ ᠂ ᠠᠷᠠᠳ ᠢᠶᠡᠨ ᠪᠣᠳᠤᠨ ᠶᠠᠳᠠᠭᠤ ᠶ᠋ᠢ  ᠳᠡᠦᠨᠬᠦᠬᠦ ᠪᠡᠷ ᠪᠠᠶᠢᠭᠤᠯᠤᠯᠭ᠎ᠠ ᠨᠢᠭᠡᠴᠡ ᠶ᠋ᠢᠨ ᠢᠶ᠋ᠡᠨ ᠳᠡᠮᠵᠢᠯᠭᠡ ᠳᠣᠤᠷ᠎ᠠ ︿ ︿ ᠬᠠᠶᠢᠷ᠎ᠠ ᠶ᠋ᠢᠨ ᠬᠡᠳᠦ ᠳᠡᠯᠭᠡᠭᠦᠷ ﹀ ﹀ ᠪᠠᠶᠢᠭᠤᠯᠤᠨ ᠤᠶᠤᠨ ᠤᠬᠠᠭᠠᠨ ᠢᠶᠠᠷ ᠶᠠᠳᠠᠭᠤ ᠶ᠋ᠢ ᠳᠡᠦᠨᠬᠦᠬᠦ ᠠᠵᠢᠯ ᠲᠠᠢ ᠨᠢᠬᠲᠠ ᠤᠶᠠᠯᠳᠤᠭᠤᠯᠤᠨ ᠂ ᠬᠤᠪᠢ ᠬᠣᠷᠠᠮᠳᠤᠭᠤᠯᠬᠤ ᠬᠡᠯᠪᠡᠷᠢ ᠪᠡᠷ ᠬᠦᠮᠦᠰ ᠬᠡᠳᠦ ᠳᠡᠯᠭᠡᠭᠦᠷ ᠡᠴᠡ ᠬᠡᠷᠡᠭᠴᠡᠭᠡ ᠴᠢᠬᠤᠯᠠ ᠲᠠᠢ ᠠᠮᠢᠳᠤᠷᠠᠯ ᠤᠨ ᠬᠡᠷᠡᠭᠰᠡᠯ  ᠶᠠᠭᠤᠮ᠎ᠠ ᠶ᠋ᠢ ᠰᠣᠯᠢᠵᠤ  ᠠᠪᠬᠤ ᠪᠣᠯᠤᠨ᠎ᠠ ᠃ ᠳᠠᠷᠤᠢ ᠨᠠᠮ ᠤᠨ ᠬᠡᠰᠢᠭᠦᠨ ᠪᠠ ᠣᠯᠠᠨ ᠲᠦᠮᠡᠨ ᠨᠠᠮ ᠤᠨ ᠡᠭᠦᠷ ᠦᠨ ᠠᠵᠢᠯᠯᠠᠭ᠎ᠠ ᠳ᠋ᠤ ᠣᠷᠤᠯᠴᠠᠬᠤ ᠂ ᠠᠵᠢᠯ ᠤᠨ ᠡᠭᠦᠷᠭᠡ ᠪᠡᠨ ᠪᠡᠶᠡᠯᠡᠭᠦᠯᠬᠦ ᠂ ᠶᠠᠳᠠᠭᠤ ᠶ᠋ᠢ ᠳᠡᠦᠨᠬᠦᠨ ᠪᠣᠭᠤᠮᠲᠠ ᠰᠢᠪᠳᠤᠯᠬᠤ ᠳᠤᠮᠳᠠ  ᠢᠯᠡᠷᠡᠯ ᠰᠠᠶᠢᠨ ᠂ ᠪᠤᠶᠠᠨᠲᠤ ᠬᠡᠷᠡᠭ ᠵᠢᠷᠤᠮᠲᠤ ᠠᠵᠢᠯᠯᠠᠭ᠎ᠠ ᠬᠢᠬᠦ ᠵᠡᠷᠭᠡ ᠣᠯᠠᠨ ᠪᠣᠯᠪᠠᠰᠤᠨ ᠮᠠᠶᠢᠭ  ᠤᠨ ᠠᠵᠢᠯᠯᠠᠭ᠎ᠠ ᠪᠠᠷ ᠬᠤᠪᠢ ᠣᠯᠵᠤ ᠂ ᠳᠣᠤᠷ᠎ᠠ ᠪᠠᠳᠤᠯᠠᠭᠠᠳᠤ ᠡᠷᠦᠬᠡ ᠂ ᠶᠠᠳᠠᠭᠤ ᠬᠦᠴᠢᠷᠲᠡᠢ ᠡᠷᠦᠬᠡ ᠬᠡᠷᠪᠡ ᠥᠪᠡᠷ ᠦᠨ ᠬᠦᠴᠦ ᠪᠡᠷ ᠢᠶ᠋ᠡᠨ ᠳᠡᠭᠵᠢᠷᠡᠵᠦ ᠠᠮᠢᠳᠤᠷᠠᠯ ᠢᠶᠡᠨ ᠰᠠᠶᠢᠵᠢᠷᠠᠭᠤᠯᠪᠠᠯ ᠪᠠᠰᠠ ᠬᠤᠪᠢ ᠣᠯᠵᠤ ᠂ ᠣᠯᠤᠬᠰᠠᠨ ᠬᠤᠪᠢ ᠪᠠᠷ ᠢᠶᠡᠨ ︿ ︿ ᠬᠠᠶᠢᠷ᠎ᠠ ᠶ᠋ᠢᠨ ᠬᠡᠳᠦ ᠳᠡᠯᠭᠡᠭᠦᠷ ﹀ ﹀ ᠡᠴᠡ ᠠᠮᠢᠳᠤᠷᠠᠯ ᠤᠨ ᠬᠡᠷᠡᠭᠯᠡᠭᠡᠨ ᠦ ᠵᠦᠢᠯᠡᠰ ᠰᠣᠯᠢᠵᠤ ᠪᠣᠯᠤᠨ᠎ᠠ ᠃ ᠭᠡᠬᠦ ᠳ᠋ᠡᠬᠡᠨ ᠬᠠᠤᠯᠢ ᠲᠥᠷᠢᠮ ᠢ ᠵᠦᠷᠢᠴᠡᠪᠡᠰᠦ ᠬᠤᠪᠢ ᠶ᠋ᠢ ᠨᠢ ᠬᠠᠰᠤᠬᠤ ᠲᠣᠷᠭᠠᠭᠤᠯᠢ ᠥᠭᠳᠡᠭ ᠃
       ᠨᠢᠳᠤᠨᠤᠨ ᠵᠢᠯ ᠦᠨ ᠰᠡᠭᠦᠯᠴᠢ ᠪᠡᠷ ᠪᠠᠶᠢᠭᠤᠯᠤᠬᠰᠠᠨ ᠡᠴᠠ ᠨᠠᠰᠢ ᠂  ᠯᠢᠶᠠᠩ ᠾᠢ ᠵᠢᠶᠦ᠋ᠨ ᠦ ︿ ︿ ᠬᠠᠶᠢᠷ᠎ᠠ ᠶ᠋ᠢᠨ ᠬᠡᠳᠦ ᠳᠡᠯᠭᠡᠭᠦᠷ ﹀ ﹀ ᠨᠢ ᠣᠯᠠᠨ ᠲᠦᠮᠡᠨ ᠳ᠋ᠦ 3 ᠲᠦᠮᠡ ᠭᠠᠷᠤᠢ ᠲᠥᠭᠦᠷᠢᠭ ᠦᠨ ᠡᠳ᠋ ᠪᠠᠷᠠᠭ᠎ᠠ ᠰᠣᠯᠢᠨ ᠥᠭᠴᠦ ᠣᠯᠠᠨ ᠲᠦᠮᠡᠨ ᠦ ᠮᠠᠬᠲᠠᠭᠠᠯ ᠰᠠᠶᠢᠰᠢᠶᠠᠯ ᠢ  ᠶᠡᠬᠡᠳᠡ ᠣᠯᠵᠤ ᠪᠠᠶᠢᠨ᠎ᠠ ᠃  

                                              ᠪᠤᠶᠠᠨᠴᠤᠬᠯᠠ
ᠢᠷᠡᠯᠳᠡ᠄ ᠨᠠᠶᠢᠷᠠᠭᠤᠯᠤᠭᠴᠢ᠄ ᠳᠤᠯᠠᠭᠠᠨ