ᠲᠠᠷᠬᠠᠯᠠᠬᠰᠠᠨ ᠪᠤᠭᠤ ᠶ᠋ᠢ ᠡᠨᠳᠡᠭᠦᠷᠡᠨ ᠠᠯᠠᠵᠤ ᠰᠢᠷᠠᠨᠤᠳ ᠴᠢᠨ᠋ᠸ᠎ᠠ ᠥᠰᠢᠶ᠎ᠡ ᠠᠪᠣᠬᠰᠠᠨ ᠨᠢ

ᠣᠩᠰᠢᠭᠰᠠᠨ ᠤᠳᠠᠭ᠎ᠠ ᠄ 6078     ᠨᠡᠶᠢᠳᠡᠯᠡᠭᠰᠡᠨ ᠴᠠᠭ ᠄ 2018/10/7 10:54:59

       ᠡᠨᠡ ᠦᠯᠢᠭᠡᠷ ᠪᠣᠯᠪᠠᠰᠤ ᠬᠠᠭᠤᠷᠮᠠᠭ ᠮᠠᠨᠵᠤ ᠶ᠋ᠢᠨ ᠨᠣᠶᠠᠷᠬᠠᠯ ᠤᠨ ᠦᠶ᠎ᠡ ᠳ᠋ᠡᠬᠢ ᠤᠯᠠᠭᠠᠨ ᠬᠤᠯᠤᠭᠠᠨ᠎ᠠ ᠵᠢᠯ (1936 ᠣᠨ ) ᠡᠭᠦᠰᠦᠭᠰᠡᠨ ᠪᠠᠶᠢᠳᠠᠭ ᠃ ᠰᠡᠷᠵᠢᠵᠠᠮᠰᠤ ᠭᠡᠭᠴᠢ ︿ ︿ ᠭᠣᠷᠪᠠᠨ ᠰᠠᠶᠢᠬᠠᠨ ᠤ ᠪᠡᠷᠬᠡ ﹀ ﹀ ᠶ᠋ᠢᠨ ᠡᠮᠦᠨ᠎ᠡ ᠡᠩᠭᠡᠷ ᠲᠦ ᠰᠠᠭᠤᠭ᠎ᠠ ᠮᠠᠯᠴᠢᠨ ᠡᠷᠦᠬᠡ ᠠᠩᠴᠢᠨ ᠬᠦᠮᠦᠨ ᠃
      ᠲᠡᠷᠡᠬᠦ ᠤᠯᠠᠭᠠᠨ ᠬᠣᠯᠤᠭᠠᠨ᠎ᠠ ᠵᠢᠯ ᠦᠨ ᠨᠠᠯᠠᠭᠠᠷ ᠨᠠᠮᠤᠷ ᠤᠨ ᠨᠢᠭᠡᠨ ᠡᠳᠥᠷ ᠂ ᠰᠡᠷᠵᠢᠵᠠᠮᠰᠤ ᠣᠤᠯ ᠶᠣᠰᠤᠭᠠᠷ ᠡᠷᠲᠡᠯᠡᠨ ᠪᠣᠰᠴᠤ ᠂ ᠡᠬᠡᠨᠡᠷ ᠨᠢ ᠦᠨᠢᠶ᠎ᠡ ᠪᠡᠨ ᠰᠠᠭᠠᠵᠤ ᠂ ᠬᠣᠶᠠᠷ ᠬᠦᠦ ᠨᠢ ᠬᠣᠨᠢ ᠦᠬᠡᠷ ᠢᠶ᠋ᠡᠨ ᠪᠡᠯᠴᠢᠭᠡᠷ ᠲᠦ ᠭᠠᠷᠭᠠᠨ ᠡᠳᠥᠷ ᠦᠨ ᠠᠵᠢᠯ ᠡᠩ ᠦᠨ ᠠᠮᠢᠳᠤᠷᠠᠯ ᠵᠣᠷᠰᠢᠯ ᠬᠡᠪ ᠢᠶ᠋ᠡᠷ ᠪᠠᠶᠢᠨ ᠠᠲᠠᠯ᠎ᠠ ᠂ ᠭᠡᠨᠡᠦᠨᠲᠡ ᠡᠮᠦᠨ᠎ᠡ ᠵᠦᠭ ᠡᠴᠡ ᠲᠣᠭᠤᠰᠤ ᠲᠡᠭᠲᠡᠨ ᠮᠣᠷᠢᠨ ᠲᠥᠪᠦᠷᠭᠡᠨ ᠭᠠᠷᠴᠤ ᠂ ᠫᠣᠤ ᠮᠥᠷᠦᠯᠡᠭᠰᠡᠨ ᠴᠠᠬᠳᠠᠭ᠎ᠠ ᠪᠠ ᠠᠯᠪᠠᠨ ᠬᠣᠪᠴᠠᠰᠤ ᠲᠠᠢ ᠲᠠᠪᠤᠨ ᠬᠦᠮᠦᠨ ᠳᠣᠪᠳᠤᠯᠭᠠᠨ ᠢᠷᠡᠵᠦ ᠬᠦᠷᠢᠶᠡᠨ ᠡᠭᠦᠳᠡᠨ᠎ᠡ ᠪᠠᠭᠤᠪᠠ ᠃ ᠲᠥᠷᠦᠭᠦᠦ ᠨᠢ ᠪᠣᠯᠤᠯᠲᠠᠢ ᠡᠮᠦᠨᠡᠬᠢ ᠨᠢᠭᠡ ᠨᠢ ︿ ︿ ᠡᠨᠡ ᠰᠡᠷᠵᠢᠵᠠᠮᠰᠤ ᠶ᠋ᠢᠨ ᠭᠡᠷ ᠮᠦᠨ ‍ᠦᠦ ︖ ﹀ ﹀ ᠭᠡᠵᠤ ᠬᠡᠭᠵᠢᠭᠦᠨ ᠭᠡᠭᠴᠢ ᠠᠰᠠᠭᠤᠬᠤ ᠳ᠋ᠤ ᠰᠡᠷᠵᠢᠵᠠᠮᠰᠤ ᠵᠠᠪᠳᠤᠨ ᠬᠦᠷᠴᠦ ︿ ︿ ᠮᠦᠨ ᠂ ᠮᠦᠨ ﹀ ﹀ ᠭᠡᠵᠦ ᠪᠡᠶ᠎ᠡ ᠪᠦᠬᠦᠶᠢᠨ ᠶᠣᠰᠤᠷᠬᠠᠭ  ᠬᠠᠷᠢᠭᠤᠯᠤᠨ ᠬᠥᠯᠥᠭ ᠤᠨᠤᠭ᠎ᠠ ᠶ᠋ᠢ ᠨᠢ ᠲᠣᠰᠣᠨ ᠠᠪᠴᠤ ᠪᠠᠭᠠᠨ᠎ᠠ ᠮᠣᠳᠣᠨ ᠳ᠋ᠤᠷ ᠤᠶᠠᠵᠤ ᠳᠣᠳᠤᠬᠰᠢ ᠵᠠᠯᠠᠪᠠ ᠃
      ᠲᠠᠪᠤᠭᠤᠯᠠ ᠪᠠᠨ ᠬᠠᠨᠵᠤᠨ ᠭᠣᠤᠯ ᠳ᠋ᠤ ᠰᠢᠷᠡᠭᠡ ᠲᠣᠭᠤᠷᠢᠨ ᠯᠠᠬᠯᠠᠶᠢᠨ ᠰᠠᠭᠤᠯᠴᠠᠵᠤ ᠂ ᠥᠷᠦᠮ᠎ᠡ  ᠲᠣᠰᠣ ᠲᠠᠢ ᠥᠦᠨᠬᠡᠨ ᠴᠠᠢ ᠤᠣᠭᠤᠵᠤ ᠬᠣᠷᠣᠤᠨ ᠵᠦᠭᠡᠬᠡᠢ ᠲᠠᠢ ᠬᠠᠭᠤᠷᠠᠬᠰᠠᠨ ᠠᠮᠤ ᠵᠣᠭᠤᠬᠯᠠᠬᠤ ᠶ᠋ᠢᠨ ᠵᠠᠭᠤᠷ᠎ᠠ ᠬᠦᠨᠳᠡᠯᠡᠨ ᠮᠢᠬᠠᠨ ᠰᠢᠷᠬᠡᠭ ᠲᠠᠢ ᠬᠣᠤᠵᠠ ᠰᠠᠬᠠᠯ ᠰᠠᠶᠢᠲᠠᠢ ᠲᠥᠷᠦᠭᠦᠦ ᠬᠡᠮᠡᠷᠬᠡᠨ ᠨᠢᠭᠡ ᠨᠢ ᠦᠭᠡ ᠡᠭᠦᠰᠭᠡᠨ ︿ ︿ ᠪᠢᠳᠠ ᠪᠣᠯ ᠵᠠᠰᠠᠭ ᠶᠠᠮᠤᠨ ᠡᠴᠠ ᠲᠤᠰᠬᠠᠢ ᠲᠣᠮᠢᠯᠠᠬᠰᠠᠨ ᠮᠠᠨᠵᠤ ᠭᠦᠷᠦᠨ ᠦ ᠰᠢᠨ᠎ᠡ ᠶᠣᠰᠣ ᠲᠢᠭᠯᠢᠮ ᠢ ᠪᠡᠶᠡᠯᠡᠭᠦᠯᠬᠦ ᠪᠡᠷ ᠶᠠᠪᠤᠵᠤ ᠪᠠᠶᠢᠭ᠎ᠠ ᠤᠯᠤᠰ ᠃ ᠡᠷᠦᠬᠡ ᠠᠮᠠ ᠶ᠋ᠢ ᠳᠠᠬᠢᠨ ᠲᠡᠮᠳᠡᠭᠯᠡᠵᠦ ᠠᠶᠢᠯ ᠲᠣᠰᠬᠤᠨ ᠢ ᠳᠠᠩᠰᠠᠯᠠᠨ ᠭᠠᠶᠢᠯᠢ ᠳᠠᠳᠠᠪᠤᠷᠢ ᠶ᠋ᠢ ᠴᠢᠩᠳᠠᠯᠠᠨ ᠬᠤᠷᠢᠶᠠᠨ᠎ᠠ ᠃ ᠭᠦᠷᠦᠨ ᠦ ᠶᠣᠰᠣᠨ ᠢ ᠡᠰᠡ ᠵᠢᠷᠤᠮᠯᠠᠪᠠᠰᠤ ︿ ᠰᠠᠶᠢᠨ ᠠᠷᠠᠳ ᠤᠨ ᠭᠡᠷᠡᠴᠢ ᠳᠡᠮᠳᠡᠭ ﹀  (良民证) ᠣᠯᠭᠤᠬᠣ ᠦᠭᠡᠢ ᠃ ᠬᠠᠷ᠎ᠠ ᠠᠷᠠᠳ ᠤᠨ ᠲᠣᠭᠠᠨ ᠳ᠋ᠤ ᠣᠷᠤᠭᠤᠯᠤᠨ ᠨᠠᠰᠤᠨ ᠲᠣᠷᠰᠢᠳᠠ ᠬᠠᠷ᠎ᠠ ᠠᠵᠢᠯ ᠬᠢᠯᠭᠡᠨ᠎ᠡ ᠃ ᠮᠡᠳᠡᠪᠡᠦ ︖ ﹀ ﹀ ᠭᠡᠵᠡᠢ ᠃ ᠰᠡᠷᠵᠢᠵᠠᠮᠰᠤ ᠲᠣᠯᠤᠭᠠᠢ ᠳᠣᠬᠢᠨ ︿ ︿ ᠵᠠ ﹀ ﹀ ᠬᠡᠮᠡᠪᠡ ᠃ ᠵᠠᠯᠭᠠᠨ ᠭᠠᠶᠢᠯᠢ ᠬᠣᠷᠢᠶᠠᠬᠴᠢ ᠨᠢ ᠪᠣᠯᠤᠯᠲᠠᠢ ︿ ︿ ᠣᠷᠣᠨ ᠰᠠᠭᠤᠴᠠ ᠶ᠋ᠢᠨ ᠭᠠᠶᠢᠯᠢ ᠂ ᠬᠦᠮᠦᠨ ᠠᠮᠠ ᠶ᠋ᠢᠨ ᠭᠠᠶᠢᠯᠢ ᠂ ᠪᠣᠳᠠ ᠪᠤᠭ ᠤᠨ ᠭᠠᠶᠢᠯᠢ ᠂ ᠪᠡᠯᠴᠢᠭᠡᠷ ᠡᠪᠡᠰᠦᠨ ᠦ ᠭᠠᠶᠢᠯᠢ ᠂ ᠠᠯᠠᠰᠢ ᠮᠢᠬᠠᠨ ᠤ ᠭᠠᠶᠢᠯᠢ ᠂ ᠠᠷᠴᠢᠭᠤᠷ ᠰᠦᠬᠡ ᠶ᠋ᠢᠨ ᠭᠠᠶᠢᠯᠢ ᠂ ᠠᠪᠠ ᠶ᠋ᠢᠨ ᠫᠣᠤ ᠶ᠋ᠢᠨ ᠭᠠᠶᠢᠯᠢ ᠂ ᠠᠩ ᠠᠩᠨᠠᠬᠴᠢ ᠭᠠᠶᠢᠯᠢ ᠂ ᠴᠠᠭᠠᠨ ᠢᠳᠡᠭᠡ ᠶ᠋ᠢᠨ ᠳᠠᠳᠠᠪᠤᠷᠢ ᠂ ᠠᠷᠠᠰᠤ ᠰᠢᠷᠢ ᠶ᠋ᠢᠨ ᠳᠠᠳᠠᠪᠤᠷᠢ ᠁ ᠠᠯᠢ ᠣᠯᠠᠨ ᠭᠠᠶᠢᠯᠢ ᠳᠠᠳᠠᠪᠤᠷᠢ ᠶ᠋ᠢᠨ ᠮᠥᠩᠭᠥ ᠶ᠋ᠢ ᠠᠩᠬᠢᠯᠠᠨ  ᠲᠣᠭᠠᠴᠢᠨ ᠨᠡᠶᠢᠯᠡᠭᠦᠯᠦᠨ ᠪᠣᠳᠤᠵᠤ ᠲᠣᠭ᠎ᠠ ᠶᠣᠰᠤᠭᠠᠷ ᠲᠥᠷᠭᠡᠨ ᠲᠤᠰᠢᠶᠠ ﹀ ﹀ ᠬᠡᠮᠡᠭᠰᠡᠨ᠎ᠡ ᠰᠡᠷᠵᠢᠵᠠᠮᠰᠤ ᠠᠩᠬ᠎ᠠ ᠡᠬᠢᠯᠡᠩᠭᠦᠲᠡ ᠬᠣᠷᠤᠭᠤ ᠳᠠᠷᠤᠨ ᠴᠡᠭᠡᠵᠢᠯᠡᠵᠦ ᠪᠠᠶᠢᠬᠰᠠᠨ ᠢᠶᠡᠨ ᠬᠣᠵᠢᠮ ᠰᠡᠭᠦᠯ ᠳ᠋ᠡᠬᠡᠨ ᠲᠥᠬᠦᠭᠡ ᠲᠣᠮᠤᠭ᠎ᠠ ᠨᠢ ᠠᠯᠳᠠᠷᠠᠵᠤ ᠲᠣᠯᠤᠭᠠᠢ ᠲᠥᠷᠦᠭᠦᠦ ᠨᠢ ᠲᠥᠩᠬᠢᠨᠡᠬᠦ  ᠪᠣᠯᠵᠤ ︿ ︿ ᠮᠠᠨᠵᠤ ᠶ᠋ᠢᠨ ᠭᠠᠶᠢᠯᠢ ᠮᠠᠯ ᠤᠨ ᠦᠰᠦᠨ ᠡᠴᠡ ᠣᠯᠠᠨ ᠡ ﹀ ﹀ ᠭᠡᠵᠦ ᠪᠣᠳᠤᠨ  ︿ ︿ ᠣᠳᠣᠬᠠᠨ ᠳ᠋ᠤ ᠶᠠᠳᠠᠭᠤ ᠮᠠᠯᠴᠢᠨ ᠪᠢ ᠨᠢᠭᠡ ᠲᠥᠷᠥᠯ ᠦᠨ ᠭᠠᠶᠢᠯᠢ ᠶ᠋ᠢ ᠴᠤ ᠲᠤᠰᠢᠶᠠᠬᠤ ᠵᠣᠭᠤᠰ ᠦᠭᠡᠢ ᠪᠠᠶᠢᠨ᠎ᠠ ﹀ ﹀ ᠭᠡᠬᠦ ᠳ᠋ᠦ ︿ ︿  ᠴᠢ ᠨᠠᠷᠠᠨ ᠤᠯᠤᠰ ᠤᠨ ᠲᠥᠷᠥ ᠶ᠋ᠢᠨ ᠭᠠᠶᠢᠯᠢ ᠶ᠋ᠢ ᠮᠤᠵᠢᠭᠤᠳᠠᠯᠠᠨ ᠡᠰᠡᠷᠭᠦᠴᠡᠬᠦ ᠰᠠᠨᠠᠭ᠎ᠠ ᠲᠠᠢ ‍ᠦᠦ ︖  ᠵᠣᠭᠤᠰ ᠦᠭᠡᠢ ᠪᠣᠯ ᠬᠣᠶᠠᠷ ᠦᠬᠡᠷ ᠬᠣᠷᠢᠨ ᠬᠣᠨᠢ ᠪᠠᠨ ᠳᠠᠴᠢᠨᠲᠠᠯ᠎ᠠ ᠳ᠋ᠤ ᠬᠦᠷᠭᠡ ︕ ﹀ ﹀ ᠭᠡᠰᠡᠨ ᠳ᠋ᠦ ᠰᠡᠷᠵᠢᠵᠠᠮᠰᠤ ᠠᠷᠭ᠎ᠠ ᠪᠣᠰᠤ ᠦᠬᠡᠷ ᠬᠣᠨᠢ ᠬᠦᠷᠭᠡᠨ ᠥᠭᠬᠦ ᠭᠠᠷᠳᠠᠮ ᠬᠢᠵᠡᠢ ᠃
       ᠳᠡᠳᠡᠨᠦᠰ ᠦᠨ ᠲᠦᠷ ᠶᠠᠪᠤᠬᠤ ᠦᠭᠡᠢ ᠵᠤᠭᠤᠬᠯᠠᠬᠤ ᠰᠠᠨᠠᠭ᠎ᠠ ᠲᠠᠢ ᠶ᠋ᠢ ᠦᠵᠡᠨ ᠮᠡᠳᠡᠵᠦ ᠰᠡᠷᠵᠢᠵᠠᠮᠰᠤ ᠶᠡᠬᠡ ᠬᠦᠦ ᠴᠣᠶᠢᠷᠢᠯᠵᠠᠪ ᠢᠶᠡᠨ ᠳᠠᠭᠤᠳᠠᠨ ︿ ︿ ᠲᠥᠷᠭᠡᠨ ᠣᠴᠢᠵᠤ ᠰᠥᠷᠦᠭ ᠳᠣᠳᠤᠷ᠎ᠠ ᠡᠴᠠ ᠨᠢᠭᠡ ᠢᠷᠭᠡ ᠠᠪᠤᠭᠠᠳ ᠢᠷ᠎ᠡ ᠂ ᠨᠤᠶᠠᠨᠲᠠᠨ ᠨᠠᠷ ᠲᠤ ᠮᠢᠬ᠎ᠠ ᠢᠳᠡᠭᠦᠯᠦᠨ ᠱᠥᠯᠥ ᠤᠣᠭᠤᠯᠭᠠᠶ᠎ᠠ ﹀ ﹀ ᠭᠡᠰᠡᠨ ᠳ᠋ᠦ ᠴᠠᠬᠳᠠᠭᠠᠨ ᠤ ᠲᠥᠷᠦᠭᠦᠦ ᠨᠢ ︿ ︿ ᠮᠠᠨᠤᠰ ᠢ ᠬᠦᠨᠳᠦᠦᠨᠬᠡᠨ ᠵᠣᠴᠢᠯᠠᠶ᠎ᠠ ᠭᠡᠵᠦ ᠰᠠᠨᠠᠪᠠᠯ ᠂ ᠪᠤᠵᠠᠭᠠᠢ ᠨᠢᠭᠡᠨ ᠪᠤᠭᠤ ᠠᠩᠨᠠᠭᠠᠳ ᠢᠷ᠎ᠡ ᠂ ᠪᠢᠳᠡᠨᠦᠰ ᠬᠣᠨᠢ ᠢᠮᠠᠭᠠᠨ ᠮᠢᠬ᠎ᠠ ᠢᠳᠡᠭᠰᠡᠭᠡᠷ ᠪᠠᠶᠢᠵᠤ ᠲᠣᠷ᠎ᠠ ᠪᠣᠯᠬᠢᠬᠤ     ᠪᠣᠯᠤᠯ᠎ᠠ ﹀ ﹀ ᠬᠡᠮᠡᠭᠰᠡᠨ ᠳ᠋ᠦ ᠰᠡᠷᠵᠢᠵᠠᠮᠰᠤ ︿ ︿ ᠨᠣᠶᠠᠨᠲᠠᠨ ᠡ ᠂ ᠠᠩ ᠤᠨ ᠤᠯᠠᠷᠢᠯ ᠪᠣᠯᠤᠭᠠᠳᠤᠢ ﹀ ﹀ ᠭᠡᠵᠦ ᠳᠠᠶᠢᠯᠪᠤᠷᠢᠯᠠᠨ ᠬᠡᠯᠡᠬᠦ ᠶ᠋ᠢ ᠵᠠᠪᠳᠤᠲᠠᠯ᠎ᠠ ︿ ︿ ᠡᠴᠢᠭᠡ ᠶ᠋ᠢᠨ ᠴᠢᠨᠢ ᠲᠣᠬᠣ ︕ ᠶᠠᠭᠤᠨ ᠤ ᠡᠨᠡ ᠲᠡᠷᠡ ᠠᠷᠪᠢᠨ ᠰᠢᠯᠲᠠᠭ ᠲᠠᠢ ᠶᠤᠮ ︖ ᠭᠠᠶᠢᠯᠢ ᠶ᠋ᠢ ᠴᠢᠨᠢ ᠥᠷᠦᠰᠢᠶᠡᠵᠦ ᠦᠬᠡᠷ ᠬᠣᠨᠢ ᠪᠣᠯᠭᠠᠬᠰᠠᠨ ᠡᠨᠡᠷᠢᠯ ᠬᠠᠶᠢᠷ᠎ᠠ ᠶ᠋ᠢ ᠮᠠᠷᠲᠠᠪᠠᠤ ︖ ﹀ ﹀ ᠭᠡᠰᠡᠨ ᠳ᠋ᠦ ᠰᠡᠷᠵᠢᠵᠠᠮᠰᠤ ᠠᠷᠭ᠎ᠠ ᠪᠣᠰᠤ ᠡᠬᠡᠨᠡᠷ ᠬᠡᠦᠬᠡᠳ ᠢᠶ᠋ᠡᠨ ᠳᠠᠭᠤᠳᠠᠵᠤ ︿ ︿ ᠨᠤᠶᠠᠨᠲᠠᠨ ᠨᠠᠷ ᠢ ᠰᠠᠶᠢᠳᠤᠷ ᠠᠰᠠᠷᠠᠵᠤ ᠪᠠᠢ ᠂ ᠪᠢ ᠠᠩ ᠳ᠋ᠤ ᠮᠣᠷᠳᠠᠨ ᠤᠳᠠᠯ ᠦᠭᠡᠢ ᠢᠷᠡᠶ᠎ᠡ ﹀ ﹀ ᠬᠡᠮᠡᠨ ᠮᠣᠷᠢ ᠪᠠᠨ ᠡᠮᠡᠭᠡᠯᠯᠡᠨ ᠮᠣᠷᠳᠠᠨ ᠭᠠᠷᠴᠠᠢ ᠃
      ᠭᠡᠷ ᠡᠴᠡ ᠪᠠᠷᠠᠭᠤᠨ ᠡᠮᠦᠨᠡᠰᠢ ᠮᠣᠷᠢ ᠲᠣᠪᠳᠤᠯᠭᠠᠨ ᠶᠠᠪᠤᠵᠤ ᠠᠷᠪᠠᠨ ᠬᠡᠳᠦᠨ ᠭᠠᠵᠠᠷ ᠬᠣᠯᠠ ᠭᠠᠷᠴᠤ ᠪᠣᠭᠣᠨ ᠰᠦᠷᠦᠭ ᠢ ᠠᠵᠢᠬᠯᠠᠨ ᠠᠲᠠᠯ᠎ᠠ  ᠥᠨᠳᠦᠷ ᠣᠷᠣᠢ ᠶ᠋ᠢᠨ ᠬᠢᠷ᠎ᠠ ᠳ᠋ᠤ ᠨᠢᠭᠡᠨ ᠴᠢᠨ᠋ᠸ᠎ᠠ ᠬᠡᠪᠲᠡᠵᠦ ᠪᠠᠶᠢᠬᠰᠠᠨ ᠢᠶᠡᠨ ᠠᠩᠴᠢᠨ ᠢ ᠦᠵᠡᠨ ᠣᠷᠣᠢ ᠳᠣᠭᠤᠬᠰᠢ ᠭᠤᠯᠭᠤᠨ ᠲᠤᠲᠠᠭᠠᠪᠠ ᠃ ᠬᠥᠳᠦᠯ ᠦᠨ  ᠴᠠᠭᠠᠨ᠎ᠠ ᠨᠢᠭᠡ ᠰᠦᠷᠦᠭ ᠪᠤᠭᠤ ᠪᠡᠯᠴᠢᠭᠡᠷᠯᠡᠨ ᠪᠠᠶᠢᠵᠤ ᠴᠢᠨ᠋ᠸ᠎ᠠ ᠤᠬᠤᠰᠬᠢᠨ ᠬᠠᠷᠠᠶᠢᠵᠤ ᠲᠣᠬᠢᠶᠠᠨ ᠰᠡᠷᠡᠮᠵᠢ ᠥᠭᠬᠦᠢ ᠳ᠋ᠤᠷ ᠪᠤᠭᠤ ᠶ᠋ᠢᠨ ᠰᠦᠷᠦᠭ ᠣᠮ ᠬᠣᠮ ᠦᠭᠡᠢ ᠰᠣᠴᠢᠨ ᠦᠷᠭᠦᠵᠦ ᠂ ᠶᠠᠭ ᠰᠠᠶᠢᠬᠠᠨ ᠰᠡᠷᠵᠢᠵᠠᠮᠰᠤ ᠶ᠋ᠢ ᠴᠢᠭᠯᠡᠨ ᠳᠤᠲᠠᠭᠠᠨ ᠢᠷᠡᠬᠦ ᠲᠠᠢ ᠲᠣᠬᠢᠶᠠᠯᠳᠣᠵᠤ ᠂ ᠫᠣᠤ ᠪᠠᠨ ᠣᠨᠢᠯᠠᠨ ᠭᠣᠬᠢᠳᠠᠮᠠᠬᠴᠠ ︿ ︿ ᠲᠥᠩ ︕ ﹀ ﹀ ᠬᠡᠮᠡᠨ ᠨᠦᠰᠡᠷ ᠳᠠᠭᠤᠨ ᠭᠠᠷᠬᠤ ᠶ᠋ᠢᠨ ᠰᠠᠴᠠᠭᠤ ᠲᠡᠷᠢᠭᠦᠯᠡᠨ ᠭᠦᠶᠦᠭᠡ ᠪᠤᠭᠤ ᠣᠨᠤᠬᠳᠠᠵᠤ ᠶᠡᠬᠡ ᠳᠠᠭᠤᠨ ᠢᠶᠠᠷ ᠣᠷᠬᠢᠷᠠᠨ ᠰᠠᠪᠠᠨ ᠤᠨᠠᠪᠠ ᠃ ᠰᠡᠷᠵᠢᠵᠠᠮᠰᠤ ᠳᠡᠯᠴᠢᠯᠡᠨ ᠪᠦᠬᠦᠢ ᠪᠤᠭᠤ ᠶ᠋ᠢᠨ ᠲᠡᠷᠭᠡᠲᠡ ᠵᠠᠪᠳᠤᠨ ᠬᠦᠷᠴᠦ ᠦᠵᠡᠩᠭᠦᠳᠡ ᠡᠷᠬᠡ ᠦᠭᠡᠢ ᠳᠠᠭᠤᠨ ᠠᠯᠳᠠᠨ ︿ ︿ ᠠᠶ᠎ᠠ ︕ ﹀ ﹀ ᠬᠡᠮᠡᠨ ᠨᠤᠬᠳᠤᠶᠢᠨ ᠤᠨᠠᠪᠠ ᠃ ᠬᠠᠷᠢᠨ ᠲᠡᠷᠡᠬᠡᠨ ᠵᠢᠯ ᠣᠯᠠᠨ ᠨᠡᠶᠢᠲᠡ ᠳ᠋ᠦ ᠵᠠᠷ ᠳᠠᠷᠬᠠᠭᠠᠨ ᠮᠡᠳᠡᠷᠡᠭᠳᠡᠭᠰᠡᠨ ᠠᠯᠠᠵᠤ ᠪᠣᠯᠬᠤ ᠦᠭᠡᠢ ᠴᠠᠭᠠᠵᠠ ᠲᠠᠢ ᠳᠠᠷᠬᠠᠯᠠᠬᠰᠠᠨ ᠪᠤᠭᠤ ᠶ᠋ᠢ ᠡᠨᠳᠡᠭᠦᠷᠡᠨ ᠠᠯᠠᠴᠢᠬᠠᠬᠰᠠᠨ ᠪᠠᠶᠢᠵᠠᠢ ᠃ ᠲᠡᠷᠡᠬᠦ ᠬᠣᠷᠤᠮᠬᠠᠨ᠎ᠠ ᠲᠡᠭᠦᠨ ᠦ ᠳᠠᠷᠢᠬᠢᠨ ᠳ᠋ᠤ ᠨᠢᠭᠡᠨ ᠠᠶᠤᠮᠰᠢᠬᠳᠤ ᠶᠡᠬᠡ ᠠᠶᠤᠯ ᠨᠥᠷᠢᠨ ᠢᠷᠡᠬᠦ ᠮᠠᠭᠤ ᠰᠣᠪᠢᠩ ᠢᠯᠡᠷᠡᠪᠡ ᠃ ᠭᠡᠪᠡᠴᠦ ᠬᠢᠷᠬᠢᠬᠦ ᠠᠵᠤᠭᠤ ︖ ᠪᠤᠭᠤ ᠶ᠋ᠢ ᠦᠵᠡᠭᠰᠡᠨ ᠭᠠᠶᠢᠬᠠᠯ ᠤᠳ ᠪᠤᠵᠠᠭᠠᠢ ᠪᠤᠭᠤ ᠲᠠᠷᠭᠤᠨ ᠪᠤᠭᠤ ᠬᠡᠮᠡᠨ ᠪᠠᠶᠠᠷᠯᠠᠯᠳᠤᠨ ᠮᠡᠷᠭᠡᠨ ᠠᠩᠴᠢᠨ ᠬᠡᠮᠡᠨ ᠡᠷᠡᠬᠡᠢ ᠭᠤᠵᠤᠶᠢᠯᠭᠠᠨ ᠰᠡᠷᠵᠢᠵᠠᠮᠰᠤ ᠶ᠋ᠢ ᠱᠠᠬᠰᠢᠨ᠎ᠠ ᠃
      ᠨᠡᠬᠡᠷᠡᠨ ᠰᠡᠷᠵᠢᠵᠠᠮᠰᠤ ᠶ᠋ᠢᠨ ᠪᠣᠳᠤᠬᠰᠠᠨ ᠡᠴᠠ ᠭᠠᠳᠠᠭᠤᠷ ᠭᠠᠷᠤᠬᠰᠠᠨ ᠦᠭᠡᠢ ᠃ ᠲᠡᠷᠡ ᠰᠥᠨᠢ ᠭᠡᠨᠡᠦᠨᠲᠡ ᠪᠠᠷᠠᠭᠤᠨ ᠬᠣᠶᠢᠨ᠎ᠠ ᠡᠴᠠ ᠪᠠᠷᠡᠭᠠᠨ ᠡᠭᠦᠯᠡ ᠭᠠᠷᠴᠤ ᠬᠢᠯᠪᠠᠭᠠᠨ ᠬᠢᠯᠪᠠᠨ ᠠᠶᠤᠩᠭ᠎ᠠ ᠨᠢᠵᠢᠬᠢᠨᠡᠨ ᠲᠡᠭᠷᠢ ᠳᠣᠤᠭᠠᠷᠴᠣ ᠠᠭᠠᠳᠠᠷ ᠪᠣᠷᠤᠭᠠᠨ ᠴᠢᠣᠨᠬᠤᠯᠠᠨ ᠴᠢᠪ ᠬᠠᠷᠠᠩᠭᠤᠢ ᠪᠣᠯᠵᠤ ᠥᠪᠦᠩ ᠭᠡᠷ ᠣᠷᠪᠠᠮᠠᠷ ᠰᠠᠯᠬᠢ ᠰᠢᠭᠤᠷᠭᠠᠨ ᠳᠡᠭᠳᠡᠵᠦ ᠂ ᠰᠥᠷᠦᠭ ᠴᠢᠨ᠋ᠸ᠎ᠠ ᠤᠯᠠᠩᠭᠠᠰᠤᠨ ᠤᠯᠢᠵᠤ ᠂ ᠬᠤᠷᠴᠠ ᠬᠢᠯᠪᠠᠭᠠᠨ ᠤ ᠭᠡᠷᠡᠯ ᠳ᠋ᠦ ᠣᠯᠠᠨ ᠴᠢᠨ᠋ᠸ᠎ᠠ ᠶ᠋ᠢᠨ ᠨᠢᠳᠦᠨ ᠡᠴᠡ ᠣᠨᠴᠠ ᠶ᠋ᠢᠨ ᠰᠦᠷ ᠲᠠᠢ ᠨᠤᠭᠤᠭᠠᠨ ᠭᠡᠷᠡᠯ ᠰᠠᠴᠣᠷᠠᠵᠤ ᠬᠣᠲᠠ ᠵᠦᠭ  ᠳᠣᠪᠳᠤᠯᠤᠨ ᠢᠷᠡᠵᠦ ᠬᠣᠨᠢ ᠮᠠᠯ ᠤᠨ ᠰᠦᠷᠦᠭ ᠢ ᠳᠠᠭᠠᠷᠢᠨ ᠴᠦᠮ ᠪᠦᠬᠦᠨ ᠢ ᠬᠦᠨᠦᠭᠡᠵᠦ ᠭᠣᠤᠨ ᠶᠠᠪᠤᠪᠠ ᠃
ᠤᠴᠢᠷ ᠶᠠᠪᠤᠳᠠᠯ ᠤᠨ ᠡᠭᠦᠰᠦᠯ ᠰᠢᠯᠲᠠᠭᠠᠨ ᠤᠣᠯ ᠨᠢ ᠡᠶᠢᠮᠦ ᠪᠠᠶᠢᠵᠠᠢ ᠃ ᠴᠢᠩ ᠭᠦᠷᠦᠨ ᠦ ᠰᠡᠭᠦᠯᠴᠢ ᠢᠷᠭᠡᠨ ᠤᠯᠤᠰ ᠤᠨ ᠡᠬᠢᠨ  ᠤ ᠦᠶᠡᠰ ᠲᠦ ᠭᠣᠷᠪᠠᠨ ᠰᠠᠶᠢᠬᠠᠨ ᠤ ᠪᠡᠷᠬᠡ ᠶ᠋ᠢᠨ ᠡᠮᠦᠨ᠎ᠡ  ︿ ︿ ᠵᠢᠯᠠᠭ᠎ᠠ ᠶ᠋ᠢᠨ ᠡᠩᠭᠡᠷ  ﹀ ﹀ ᠬᠡᠮᠡᠬᠦ ᠭᠠᠵᠠᠷ ᠵᠢᠷᠮᠢᠢᠭᠰᠡᠨ ᠰᠠᠶᠢᠬᠠᠨ ᠰᠠᠬᠠᠯ ᠲᠠᠢ ᠵᠢᠷᠠᠨ ᠨᠠᠰᠤ ᠶ᠋ᠢ ᠳᠠᠪᠠᠵᠤ ᠵᠠᠵᠢ ᠶ᠋ᠢᠨ ᠦᠰᠦ ᠨᠢ ᠴᠠᠶᠢᠬᠰᠠᠨ ᠵᠢᠨᠲᠡᠭᠢᠷ ᠭᠡᠰᠡᠨ ᠠᠯᠳᠠᠷ ᠲᠠᠢ ᠥᠶᠦᠭ ᠪᠠᠶᠠᠨ ᠠᠮᠢᠳᠤᠷᠠᠯ ᠲᠠᠢ ᠨᠠᠰᠤᠲᠠᠨ ᠰᠠᠭᠤᠵᠤ ᠪᠠᠶᠢᠵᠠᠢ ᠃ ᠬᠦᠮᠦᠰ ᠰᠸᠷᠠᠰᠢ ᠪᠠᠶᠠᠨ ᠤ ᠳᠡᠭᠡᠳᠦᠰ ᠭᠡᠳᠡᠭ ᠃ ᠨᠢᠭᠡᠨ ᠡᠳᠥᠷ ᠵᠢᠨᠲᠡᠭᠢᠷ ᠨᠠᠰᠤᠲᠠᠨ ᠨᠣᠮᠤᠬᠠᠨ ᠬᠡᠭᠡᠷ ᠢᠶ᠋ᠡᠨ ᠤᠨᠤᠵᠤ ᠠᠲᠠᠷ ᠬᠡᠭᠡᠷ᠎ᠡ ᠲᠣᠭᠤᠷᠢᠨ ᠠᠲᠠᠯ᠎ᠠ ᠂ ᠪᠡᠷᠬᠡ ᠶ᠋ᠢᠨ ᠬᠣᠳᠤᠭᠤᠷ ᠲᠤ ᠨᠢᠭᠡᠨ ᠢᠨᠵᠠᠭ᠎ᠠ ᠵᠣᠬᠰᠤᠵᠤ ᠶᠠᠳᠠᠨ ᠡᠬᠡ ᠪᠤᠭᠤ ᠪᠠᠨ ᠦᠨᠦᠰᠦᠨ ᠦᠨᠦᠰᠦᠨ ᠤᠶᠠᠷᠠᠯᠲᠠᠢ ᠮᠥᠭᠡᠷᠴᠦ ᠪᠠᠶᠢᠬᠰᠠᠨ ᠲᠠᠢ ᠴᠢᠪ ᠬᠠᠷᠭᠤᠵᠠᠢ ᠃ ᠨᠠᠰᠤᠲᠠᠨ ᠯᠠᠪᠯᠠᠨ ᠦᠵᠡᠬᠦᠶ᠎ᠡ ᠡᠬᠡ ᠨᠢ ᠦᠬᠦᠭᠡᠳ ᠢᠨᠵᠠᠭ᠎ᠠ ᠥᠨᠦᠴᠢᠷᠡᠨ ᠥᠯᠦᠰᠴᠦ  ᠪᠠᠶᠢᠭ᠎ᠠ ᠨᠢ ᠢᠯᠡᠬᠡᠨ ᠃ ᠨᠠᠰᠤᠲᠠᠨ ᠢᠨᠵᠠᠭ᠎ᠠ ᠶ᠋ᠢ ᠲᠤᠩ ᠬᠥᠭᠡᠷᠦᠬᠦᠶᠢᠯᠡᠨ ᠭᠡᠷ ᠲᠡᠬᠡᠨ ᠲᠡᠪᠡᠷᠢᠨ ᠠᠪᠴᠢᠷᠠᠨ ᠬᠦᠷᠡᠭᠴᠢ ᠦᠨᠢᠶᠡᠨ ᠦ ᠰᠦ ᠪᠡᠷ ᠤᠬᠵᠢᠨ ᠲᠡᠩᠬᠡᠷᠡᠭᠦᠯᠦᠨ ᠠᠪᠴᠤ ᠲᠡᠵᠢᠭᠡᠵᠡᠢ ᠃ ᠲᠡᠮᠡᠢ ᠤᠳᠠᠯ ᠦᠭᠡᠢ ᠪᠠᠰᠠ ᠨᠢᠭᠡᠨ ᠡᠳᠥᠷ  ᠨᠢᠰᠬᠡ  ᠨᠡᠷ᠎ᠡ ᠲᠠᠢ ᠬᠣᠲᠠᠴᠢ ᠨᠣᠬᠠᠢ ᠪᠠᠨ ᠳᠠᠭᠠᠭᠤᠯᠵᠤ ᠬᠡᠭᠡᠷ᠎ᠡ ᠲᠣᠭᠤᠷᠢᠪᠠ ᠃ ᠡᠨᠡ ᠲᠡᠷᠡ ᠶ᠋ᠢ ᠠᠵᠢᠬᠯᠠᠨ ᠶᠠᠪᠤᠨ ᠠᠲᠠᠯ᠎ᠠ ᠬᠦᠮᠦᠨ ᠪᠠᠬᠲᠠᠮ᠎ᠠ ᠴᠢᠨ᠋ᠸ᠎ᠠ ᠶ᠋ᠢᠨ ᠨᠥᠬᠡ ᠬᠠᠷᠠᠬᠳᠠᠪᠠ ᠃ ᠨᠢᠰᠬᠡ ᠨᠣᠬᠠᠢ ᠵᠠᠪᠳᠤᠨ ᠬᠦᠷᠴᠦ ᠰᠡᠭᠦᠯ ᠰᠢᠷᠪᠠᠯᠵᠢᠭᠤᠯᠤᠨ ᠡᠵᠡᠨ ᠢᠶ᠋ᠡᠨ ᠬᠠᠷᠠᠨ ᠬᠠᠷᠠᠨ ᠪᠠᠭ᠎ᠠ ᠳᠠᠭᠤᠨ ᠢᠶᠠᠷ ᠬᠤᠴᠠᠨ᠎ᠠ ᠃ ᠨᠠᠰᠤᠲᠠᠨ ᠬᠦᠷᠴᠦ ᠨᠥᠬᠡ ᠤᠷᠤᠭᠤ ᠨᠢᠳᠦ ᠬᠠᠶᠠᠪᠠᠯ ᠳᠣᠳᠤᠷ᠎ᠠ ᠨᠢ ᠨᠢᠭᠡ ᠪᠡᠯᠲᠡᠷᠭᠡ ᠨᠠᠷᠢᠬᠠᠨ ᠠᠮᠢ ᠲᠠᠢ ᠪᠠᠶᠢᠪᠠ ᠃ ᠨᠠᠰᠤᠲᠠᠨ ᠭᠢᠷᠠᠬᠠᠢ ᠨᠢᠳᠦ ᠪᠡᠷ ᠣᠷᠴᠢᠨ ᠲᠣᠭᠤᠷᠢᠨ ᠢ ᠠᠵᠢᠪᠠᠯ ᠥᠯᠦᠭᠴᠢᠨ ᠴᠢᠨ᠋ᠸ᠎ᠠ ᠬᠡᠳᠦᠨ ᠡᠳᠥᠷ ᠦᠨ ᠡᠮᠦᠨ᠎ᠡ ᠦᠬᠦᠭᠰᠡᠨ ᠪᠣᠯᠤᠯᠲᠠᠢ ᠢᠷᠡᠵᠦ ᠶᠠᠪᠤᠬᠰᠠᠨ ᠮᠦᠷ ᠠᠯᠠᠭ᠎ᠠ ᠃ ᠨᠠᠰᠤᠲᠠᠨ ᠨᠥᠬᠡ ᠤᠷᠤᠭᠤ ᠭᠠᠷ ᠣᠷᠤᠭᠤᠯᠤᠨ ᠠᠮᠢᠳᠤ ᠪᠠᠶᠢᠭ᠎ᠠ ᠪᠡᠯᠲᠡᠷᠭᠡ ᠶ᠋ᠢ ᠴᠢᠷᠦᠨ ᠭᠠᠷᠭᠠᠵᠤ ᠦᠵᠡᠬᠦᠶ᠎ᠡ ᠡᠮ᠎ᠡ ᠪᠡᠯᠲᠡᠷᠭᠡ ᠪᠠᠶᠢᠵᠠᠢ ᠃ ᠲᠡᠷᠡ ᠲᠡᠪᠡᠷᠢᠨ ᠠᠪᠴᠢᠷᠠᠵᠤ ᠮᠦᠨ ᠬᠦᠷᠡᠭᠴᠢ ᠦᠨᠢᠶᠡᠨ ᠦ ᠰᠦ ᠪᠡᠷ ᠤᠬᠵᠢᠨ ᠠᠪᠤᠷᠠᠵᠤ ᠲᠡᠵᠢᠭᠡᠵᠡᠢ ᠃ ᠡᠭᠦᠨ ᠡᠴᠡ ᠡᠬᠢᠯᠡᠨ ᠵᠢᠨᠲᠡᠭᠢᠷ ᠨᠠᠰᠤᠲᠠᠨ ᠤ ᠬᠣᠲᠠᠨ ᠳ᠋ᠤ ᠨᠢᠭᠡ ᠨᠢ ᠡᠪᠡᠰᠦᠨ ᠲᠡᠵᠢᠭᠡᠯᠲᠡᠨ ᠦ ᠪᠤᠭᠤ ᠶ᠋ᠢᠨ ᠢᠨᠵᠠᠭ᠎ᠠ ᠨᠥᠭᠦᠭᠡ ᠨᠢ ᠮᠢᠬᠠᠴᠢᠨ ᠢᠲᠡᠰᠢᠲᠡᠨ ᠦ ᠴᠢᠨ᠋ᠸ᠎ᠠ ᠶ᠋ᠢᠨ ᠪᠡᠯᠲᠡᠷᠭᠡ ᠶ᠋ᠢ ᠬᠠᠮᠳᠤ ᠳ᠋ᠦ᠋ᠨᠢ ᠬᠦᠷᠡᠭᠴᠢ ᠦᠨᠢᠶᠡᠨ ᠰᠦ ᠪᠡᠷ ᠤᠬᠵᠢᠨ ᠲᠡᠵᠢᠭᠡᠵᠦ ᠂ ᠭᠡᠷ ᠦᠨ ᠪᠣᠯᠤᠩ ᠬᠦᠷᠢᠶᠡᠨ ᠳᠣᠳᠤᠷ᠎ᠠ ᠡᠭᠦᠷ ᠵᠠᠰᠠᠵᠤ  ᠬᠠᠮᠳᠤ ᠬᠣᠨᠤᠭᠤᠯᠤᠨ ᠳᠠᠰᠬᠠᠵᠠᠢ ᠃ ᠡᠨᠡ ᠬᠣᠶᠠᠷ ᠠᠮᠢᠲᠠᠨ ᠤᠳᠠᠯ ᠦᠭᠡᠢ ᠬᠦᠮᠦᠨ ᠲᠠᠢ ᠳᠠᠰᠴᠤ ᠂ ᠭᠡᠷ ᠦᠨ ᠡᠵᠡᠨ ᠬᠥᠨᠥᠭ ᠲᠠᠢ ᠰᠦ ᠲᠡᠭᠦᠵᠢᠯᠡᠨ ᠡᠪᠡᠷ ᠤᠬᠵᠢᠭᠤᠷ ᠪᠠᠷᠢᠵᠤ ᠢᠷᠡᠬᠦ ᠶ᠋ᠢ ᠦᠵᠡᠩᠭᠦᠲᠡ ᠶᠠᠭᠤ ᠬᠠᠢ ᠪᠠᠷᠬᠢᠷᠠᠬᠤ ᠶ᠋ᠢ ᠬᠠᠶᠢᠬᠤᠷᠤᠯ ᠦᠭᠡᠢ ᠬᠠᠷᠠᠶᠢᠯᠠᠨ ᠭᠦᠶᠦᠵᠦ ᠢᠷᠡᠭᠡᠳ ᠤᠬᠵᠢᠭᠤᠷ ᠢ ᠪᠤᠯᠢᠶᠠᠯᠳᠤᠨ ᠰᠦ ᠬᠦᠬᠦᠵᠦ ᠡᠬᠢᠯᠡᠨ᠎ᠡ ᠃ ᠬᠣᠶᠠᠷ ᠵᠢᠭᠠᠯ ᠠᠮᠢᠲᠠᠨ ᠭᠠᠯᠪᠢᠷ ᠲᠣᠷᠨᠢᠭᠤᠨ ᠥᠰᠴᠦ ᠡᠳᠦᠷᠵᠢᠨ ᠨᠢᠭᠡᠨ ᠨᠢᠭᠡᠨ ᠢᠶ᠋ᠡᠨ ᠬᠦᠭᠡᠭᠡᠴᠡᠯᠳᠦᠨ ᠲᠣᠬᠯᠠᠵᠤ ᠂ ᠡᠨᠲᠡ ᠲᠡᠨᠳᠡ ᠦᠰᠦᠷᠦᠨ  ᠬᠦᠷᠢᠶᠡᠨ ᠳᠣᠮᠳᠠ ᠤᠶᠢᠮᠡᠭᠡᠨ ᠡᠭᠦᠰᠭᠡᠨ᠎ᠡ ᠃ ᠳᠠᠷᠠᠭ᠎ᠠ ᠵᠢᠯ ᠡᠴᠡ ᠨᠢ ᠢᠨᠵᠠᠭ᠎ᠠ ᠡᠪᠡᠰᠦ ᠢᠳᠡᠬᠦ ᠪᠣᠯᠵᠤ ᠰᠦ ᠡᠴᠡ ᠰᠠᠯᠪᠠ ᠃ ᠪᠡᠯᠲᠡᠷᠭᠡ ᠶ᠋ᠢ ᠵᠢᠵᠢᠭ ᠠᠮᠢᠲᠠᠨ ᠪᠣᠶᠤ ᠬᠠᠶᠠᠬᠳᠠᠮᠠᠯ ᠮᠢᠬ᠎ᠠ ᠪᠠᠷ ᠲᠡᠵᠢᠭᠡᠨ᠎ᠡ ᠃ ᠨᠠᠰᠤᠲᠠᠨ ᠵᠣᠷᠢᠭᠤᠳᠠ ᠡᠲᠡ ᠬᠣᠶᠠᠭᠤᠯᠠ ᠶ᠋ᠢ ᠳᠠᠭᠠᠭᠤᠯᠵᠤ ᠂ ᠮᠠᠯᠴᠢᠳ ᠤᠨ ᠬᠣᠲᠠ ᠪᠠᠷ ᠲᠣᠭᠤᠷᠢᠵᠤ ᠮᠠᠯ ᠬᠣᠨᠢ ᠶ᠋ᠢ ᠲᠠᠨᠢᠭᠤᠯᠤᠨ᠎ᠠ ᠃ ᠵᠠᠷᠢᠮ ᠦᠶᠡᠰ ᠪᠡᠯᠲᠡᠷᠭᠡ ᠠᠯᠢᠶᠠᠷᠬᠠᠨ ᠬᠤᠷᠠᠭ᠎ᠠ ᠢᠰᠢᠭᠡ ᠲᠠᠢ ᠨᠣᠴᠣᠯᠳᠤᠵᠤ ᠪᠠᠶᠢᠬᠤ ᠶ᠋ᠢ ᠦᠵᠡᠪᠡᠯ ︿ ︿ ᠪᠣᠯᠬᠤ ᠦᠭᠡᠢ ﹀ ﹀ ᠬᠡᠮᠡᠨ ᠵᠠᠩᠳᠤᠷᠠᠨ ᠲᠠᠰᠢᠭᠤᠷ ᠣᠷᠤᠭᠤᠯᠤᠨ ᠥᠯᠲᠡᠨ᠎ᠡ ᠃ ᠪᠡᠯᠲᠡᠷᠭᠡ ᠶ᠋ᠢᠨ ᠪᠠᠶᠢᠭᠠᠯᠢ ᠲᠠᠢ ᠵᠣᠬᠢᠴᠠᠯᠳᠤᠬᠤ ᠴᠢᠳᠠᠪᠤᠷᠢ ᠶ᠋ᠢ ᠪᠣᠯᠪᠠᠰᠤᠷᠠᠭᠤᠯᠵᠤ ᠬᠣᠯᠤᠭᠠᠨ᠎ᠠ ᠂ ᠵᠣᠷᠠᠮ᠎ᠠ ᠂ ᠠᠯᠠᠬᠳᠠᠭ᠎ᠠ ᠠᠮᠢᠲᠠᠨ ᠢ ᠪᠠᠷᠢᠭᠤᠯᠤᠨ᠎ᠠ ᠃ ᠶᠠᠪᠤᠭᠠᠨ ᠳ᠋ᠠᠭᠠᠨ ᠡᠨᠡ ᠬᠦ ᠪᠡᠯᠲᠡᠷᠭᠡ ᠲᠠᠪᠤᠨ ᠬᠤᠰᠢᠭᠤ ᠮᠠᠯ ᠭᠡᠷ ᠦᠨ ᠲᠡᠵᠢᠭᠡᠪᠦᠷᠢ ᠶ᠋ᠢ ᠣᠶᠢᠰᠢᠶᠠᠬᠤ ᠦᠭᠡᠢ ᠪᠣᠯᠵᠤ ᠬᠠᠷᠢᠨ ᠬᠡᠭᠡᠷ᠎ᠡ ᠶ᠋ᠢᠨ ᠠᠩ ᠢ ᠪᠠᠷᠢᠪᠴᠢᠯᠠᠨ ᠢᠲᠡᠬᠦ ᠳ᠋ᠦ ᠭᠠᠷᠮᠠᠭᠠᠢ ᠪᠣᠯᠵᠠᠢ ᠃ ᠬᠣᠶᠠᠷ ᠠᠮᠢᠲᠠᠨ ᠬᠡᠳᠦᠨ ᠵᠢᠯ ᠪᠣᠯᠵᠤ ᠢᠵᠢᠯᠢᠰᠢᠨ ᠳᠠᠰᠴᠤ ᠂ ᠨᠢᠭᠡᠨ ᠡᠳᠥᠷ ᠨᠠᠰᠤᠲᠠᠨ ᠬᠥᠯᠦᠰᠦᠨ ᠮᠠᠯᠴᠢᠨ ᠲᠠᠢ ᠪᠠᠨ ᠬᠠᠮᠳᠤ ᠪᠤᠭᠤ ᠶ᠋ᠢ ᠪᠠᠷᠢᠪᠴᠢᠯᠠᠨ ᠲᠤᠭᠤᠷᠠᠢ ᠳ᠋ᠦ᠋ᠨᠢ ᠭᠠᠤᠯᠢᠨ ᠲᠠᠬ᠎ᠠ ᠬᠠᠳᠠᠵᠤ ᠂ ᠴᠢᠨ᠋ᠸ᠎ᠠ ᠶ᠋ᠢ ᠪᠠᠷᠢᠨ ᠠᠪᠴᠤ ᠴᠢᠬᠢ ᠶ᠋ᠢ ᠨᠢ ᠴᠣᠭᠣᠯᠤᠨ ᠤᠯᠠᠭᠠᠨ ᠳᠣᠷᠳᠣᠩ ᠥᠭᠡᠳᠡᠰᠦ ᠵᠠᠩᠭᠢᠳᠤᠨ ᠤᠶᠠᠵᠤ ᠳᠡᠮᠳᠡᠭ ᠪᠣᠯᠭᠠᠨ ᠬᠣᠶᠠᠭᠤᠯᠠ ᠶ᠋ᠢ ᠲᠠᠷᠬᠠᠯᠠᠨ ᠭᠣᠷᠪᠠᠨ ᠰᠠᠶᠢᠬᠠᠨ ᠤ ᠠᠲᠠᠷ ᠪᠡᠷᠬᠡ ᠳ᠋ᠦ ᠲᠠᠯᠪᠢᠬᠰᠠᠨ ᠪᠠᠶᠢᠵᠠᠢ ᠃ ᠡᠶᠢᠨᠬᠦ ᠥᠯᠦᠭᠴᠢᠨ ᠴᠢᠨ᠋ᠸ᠎ᠠ  ᠲᠡᠷᠡ ᠰᠦᠨᠢ ᠰᠦᠷᠦᠭ ᠴᠢᠨ᠋ᠸ᠎ᠠ ᠪᠠᠨ ᠳᠠᠭᠠᠭᠤᠯᠤᠨ ᠢᠷᠡᠵᠦ  ᠂ ᠪᠠᠶᠢᠩᠭᠤ ᠬᠠᠮᠠᠭᠠᠯᠠᠨ ᠬᠠᠷᠠᠵᠤ ᠠᠬᠰᠠᠨ ᠢᠵᠢᠯᠢ ᠳᠠᠰᠤᠯ ᠬᠠᠨᠢᠲᠠᠨ ᠪᠤᠭᠤ ᠪᠠᠨ ᠥᠮᠦᠭᠡᠷᠡᠨ ᠥᠰᠢᠶ᠎ᠡ ᠠᠪᠤᠬᠰᠠᠨ ᠨᠢ ᠡᠨᠡ ᠪᠠᠶᠢᠵᠠᠢ ᠃   
                         ( ᠸᠠᠩᠨᠣᠤᠨ ᠪᠣᠯᠤᠴᠢᠯᠠᠭᠤ ᠂ ᠯᠢ ᠪᠤᠶᠠᠨᠴᠤᠬᠯᠠ )
ᠢᠷᠡᠯᠳᠡ᠄ ᠨᠠᠶᠢᠷᠠᠭᠤᠯᠤᠭᠴᠢ᠄ ᠳᠤᠯᠠᠭᠠᠨ