ᠳ᠋ᠠ ᠭᠸᠦ ᠽᠦᠨ ᠲᠣᠰᠬᠤᠨ ᠤ ᠯᠣᠬᠠᠱᠧᠩ ᠡᠯᠪᠡᠭ ᠬᠤᠷᠢᠶᠠᠯᠲᠠ ᠣᠯᠪᠠ

ᠣᠩᠰᠢᠭᠰᠠᠨ ᠤᠳᠠᠭ᠎ᠠ ᠄ 21     ᠨᠡᠶᠢᠳᠡᠯᠡᠭᠰᠡᠨ ᠴᠠᠭ ᠄ 2018/10/6 8:51:53

      ᠡᠨᠡ ᠵᠢᠯ ᠂ ᠨᠠᠢᠮᠠᠨ ᠬᠤᠰᠢᠭᠤᠨ ᠤ ᠢ ᠯᠦᠩ ᠶᠦᠩ ᠪᠠᠯᠭᠠᠰᠤᠨ ᠤ ᠳ᠋ᠠ ᠭᠸᠦ ᠽᠦᠨ ᠲᠣᠰᠬᠤᠨ ᠭᠠᠵᠠᠷ ᠣᠷᠣᠨ ᠤ ᠪᠠᠨ ᠪᠣᠳᠠᠳᠤ ᠪᠠᠶᠢᠳᠠᠯ ᠳ᠋ᠤ ᠵᠣᠬᠢᠴᠠᠭᠤᠯᠤᠨ ᠲᠠᠷᠢᠮᠠᠯ ᠤᠨ ᠪᠦᠳᠦᠴᠡ ᠳ᠋ᠡᠬᠡᠨ ᠲᠣᠬᠢᠷᠠᠭᠤᠯᠤᠯᠲᠠ ᠬᠢᠵᠦ ᠣᠤᠯ ᠤᠨ ᠪᠦᠬᠦᠨ ᠢ ᠡᠷᠲᠡᠨᠢ ᠰᠢᠰᠢ ᠲᠠᠷᠢᠵᠤ ᠪᠠᠶᠢᠬᠰᠠᠨ ᠢᠶᠡᠨ  ᠬᠡᠰᠡᠭ ᠬᠦᠮᠦᠰ ᠯᠣᠬᠠᠱᠧᠩ ᠲᠠᠷᠢᠵᠤ    ᠲᠠᠷᠢᠬᠤ ᠂ ᠠᠷᠠᠴᠢᠯᠠᠬᠤ ᠂ ᠬᠤᠷᠢᠶᠠᠬᠤ ᠶ᠋ᠢ ᠴᠦᠮ ᠪᠦᠬᠦᠨ ᠮᠠᠰᠢᠨᠴᠢᠯᠠᠯᠲᠠ ᠶ᠋ᠢ ᠪᠡᠶᠡᠯᠡᠭᠦᠯᠵᠦ ᠂ ᠭᠡᠷ᠎ᠡ ᠳᠣᠬᠲᠠᠨ ᠬᠤᠳᠠᠯᠳᠤᠬᠤ ᠪᠣᠷᠤᠯᠠᠭᠤᠯᠭ᠎ᠠ ᠶ᠋ᠢᠨ ᠵᠠᠮ ᠢ ᠪᠠᠳᠤᠯᠠᠵᠤ ᠂ ᠲᠠᠷᠢᠮᠠᠯ ᠤᠨ ᠬᠣᠭᠣᠴᠠᠭᠠᠨ ᠳ᠋ᠤ ᠬᠤᠳᠠᠯᠳᠤᠨ ᠠᠪᠬᠤ ᠺᠣᠮᠫᠠᠨᠢ ᠡᠴᠠ ᠮᠡᠷᠭᠡᠵᠢᠯ ᠦᠨ ᠵᠢᠯᠤᠭᠤᠳᠤᠯᠭ᠎ᠠ ᠬᠠᠩᠭᠠᠵᠤ ᠂ ᠲᠠᠷᠢᠶᠠᠴᠢᠳ ᠰᠡᠦᠨᠬᠢᠯ ᠵᠣᠪᠠᠬᠤ ᠦᠭᠡᠢ ᠪᠣᠯᠤᠬᠰᠠᠨ ᠪᠦᠭᠡᠦᠨ ᠲᠡᠲᠡᠨᠦᠰ ᠦᠨ ᠴᠠᠭ ᠪᠣᠯᠣᠨ ᠬᠦᠴᠦ ᠶ᠋ᠢ ᠶᠡᠬᠡᠪᠡᠷ ᠠᠷᠪᠢᠯᠠᠵᠤ ᠂ ᠪᠣᠰᠣᠤᠨ ᠠᠵᠢᠯ ᠬᠢᠵᠦ ᠣᠷᠤᠯᠭ᠎ᠠ ᠶ᠋ᠢᠨ ᠨᠡᠮᠡᠭᠳᠡᠯ ᠢ ᠪᠠᠳᠤᠯᠠᠵᠤ ᠪᠤᠢ ᠃ ᠡᠨᠡ ᠵᠢᠯ ᠲᠣᠰ ᠲᠣᠰᠬᠤᠨ 3 ᠶᠠᠳᠠᠭᠤ ᠡᠷᠦᠬᠡ ᠶ᠋ᠢ ᠳᠠᠶᠢᠴᠢᠯᠠᠨ 1800 ᠮᠦ ᠯᠣᠬᠠᠱᠧᠩ ᠲᠠᠷᠢᠵᠤ ᠲᠥᠰᠥᠪᠯᠡᠬᠦ ᠪᠡᠷ 315 ᠲᠦᠮᠡᠨ ᠲᠥᠭᠦᠷᠢᠭ ᠦᠨ ᠣᠷᠤᠯᠭ᠎ᠠ ᠣᠯᠬᠤ ᠪᠣᠯᠤᠨ᠎ᠠ ᠃  ᠡᠨᠡ ᠵᠢᠯ ᠵᠢᠱᠢᠶ᠎ᠡ ᠦᠵᠡᠭᠦᠯᠦᠨ ᠲᠠᠷᠢᠬᠰᠠᠨ ᠲᠠᠷᠢᠶᠠᠴᠢᠳ ᠪᠠᠳᠤᠯᠠᠭ᠎ᠠ ᠲᠠᠢ ᠣᠷᠤᠯᠭ᠎ᠠ    ᠣᠯᠵᠤ ᠨᠡᠩ ᠣᠯᠠᠨ ᠲᠠᠷᠢᠶᠠᠴᠢᠳ ᠤᠨ ᠯᠤᠬᠠᠱᠸᠩ ᠲᠠᠷᠢᠬᠤ ᠬᠦᠰᠡᠯ ᠵᠣᠷᠢᠭ ᠢ ᠡᠷᠴᠢᠯᠡᠭᠰᠡᠨ ᠪᠠᠶᠢᠨ᠎ᠠ᠃                     
                                    
                                                             ᠪᠤᠶᠠᠨᠴᠤᠬᠯᠠ
ᠢᠷᠡᠯᠳᠡ᠄ ᠨᠠᠶᠢᠷᠠᠭᠤᠯᠤᠭᠴᠢ᠄ ᠳᠤᠯᠠᠭᠠᠨ

ᠬᠠᠮᠢᠶ᠎ᠡ ᠪᠦᠬᠦᠢ ᠰᠣᠨᠢᠨ