︿ ︿ ᠪᠠᠳᠤᠯᠠᠨ ᠳᠠᠭᠠᠭᠠᠯᠲᠠ ﹀ ﹀ (担保 ) ᠬᠢᠬᠦ ᠭᠠᠷ ᠭᠦᠢᠴᠡᠦᠨᠬᠡᠯ ᠨᠢ ᠵᠢᠯᠤᠭᠤᠣᠨᠬᠤ ᠪᠠᠶᠢᠭᠤᠯᠤᠮᠵᠢ ᠡᠴᠠ ᠭᠠᠷᠤᠬᠰᠠᠨ ᠪᠣᠰᠤ ᠬᠠᠷᠢᠨ ᠵᠣᠭᠤᠰᠤᠨ ᠤ ᠪᠠᠩᠬᠢ ᠡᠴᠠ ᠵᠣᠬᠢᠶᠠᠬᠰᠠᠨ ᠬᠣᠨᠵᠢᠬᠳᠠᠯ ᠬᠣᠬᠢᠷᠠᠯ ᠡᠴᠠ ᠰᠡᠷᠬᠡᠶᠢᠯᠡᠬᠦ ᠨᠢᠭᠡᠨ ᠠᠷᠭ᠎ᠠ ᠠᠪᠴᠢᠯ ᠪᠠᠶᠢᠭ᠎ᠠ ᠭᠡᠵᠦ ᠪᠢ ᠬᠣᠪᠢᠨ ᠳ᠋ᠠᠭᠠᠨ ᠪᠣᠳᠤᠵᠤ ᠪᠠᠶᠢᠨ᠎ᠠ ᠃
ᠡᠨᠡ ᠬᠦ ︿ ︿ ᠪᠠᠳᠤᠯᠠᠨ ᠳᠠᠭᠠᠭᠠᠯᠲᠠ ﹀ ﹀ ᠬᠢᠬᠦ ᠶᠠᠪᠤᠳᠠᠯ ᠨᠢ ᠶᠠᠪᠤᠭᠠᠨ ᠳ᠋ᠠᠭᠠᠨ ᠨᠡᠶᠢᠭᠡᠮ ᠳᠡᠭᠡᠷ᠎ᠡ ᠨᠡᠶᠢᠲᠡ ᠶ᠋ᠢᠨ ᠳᠤᠮᠳᠠ ᠥᠷᠭᠡᠨ ᠢᠶ᠋ᠡᠷ ᠣᠯᠠᠮᠵᠢᠯᠠᠬᠳᠠᠨ ᠂ ᠵᠢᠰᠦᠷ ᠡᠲᠡᠭᠡᠳ ᠵᠠᠯᠢᠬᠠᠢ ᠬᠦᠮᠦᠰ ᠦᠨ ᠠᠵᠠᠲᠠᠢ ᠠᠰᠢᠬᠯᠠᠬᠤ ᠠᠰᠢᠲᠠᠢ ᠳᠠᠪᠴᠠᠩ ᠪᠣᠯᠵᠤ ᠬᠣᠪᠢᠷᠠᠬᠰᠠᠨ ᠪᠠᠶᠢᠨ᠎ᠠ ᠃ ︿ ︿ ᠪᠠᠳᠤᠯᠠᠨ ᠳᠠᠭᠠᠭᠠᠯᠲᠠ ﹀ ﹀ ᠨᠢ ᠬᠠᠶᠢᠷ᠎ᠠ ᠨᠠᠶᠢᠷ ᠦᠭᠡᠢ ᠪᠡᠷ ᠲᠠᠨᠢᠯ ᠳᠠᠰᠤᠯ ᠂ ᠲᠥᠷᠥᠯ ᠰᠠᠳᠤᠨ ᠂ ᠰᠠᠶᠢᠨ ᠨᠠᠶᠢᠵᠠ ᠂ ᠰᠠᠶᠢᠬᠠᠨ ᠠᠬ᠎ᠠ ᠳᠡᠭᠦᠦ ᠪᠡᠨ ᠬᠣᠬᠢᠷᠠᠭᠤᠯᠤᠨ ᠦᠭᠡᠶᠢᠬᠢᠵᠦ ᠂ ᠬᠦᠮᠦᠰ ᠦᠨ ᠤᠶᠤᠨ ᠰᠠᠨᠠᠭᠠᠨ ᠳ᠋ᠦ ᠠᠷᠢᠯᠤᠰᠢ ᠦᠭᠡᠢ ᠰᠢᠷᠬ᠎ᠠ ᠰᠣᠷᠪᠢ ᠰᠠᠭᠤᠯᠭᠠᠵᠤ ᠂ ᠣᠶᠣᠨ ᠤ ᠪᠣᠯᠪᠠᠰᠤᠨ ᠂ ᠨᠡᠶᠢᠭᠡᠮ ᠦᠨ ᠡᠶ᠎ᠡ ᠵᠣᠬᠢᠴᠠᠯ ᠢ ᠬᠦᠨᠳᠦ ᠰᠦᠷᠡᠬᠡᠢ ᠨᠥᠯᠦᠭᠡᠯᠡᠵᠦ ᠪᠤᠢ ᠃ ᠵᠢᠭᠡᠯᠡᠯᠭᠡ ᠲᠡᠮᠳᠡᠭ ᠦᠨ ᠭᠣᠤᠯ ᠡᠵᠡᠨ ᠵᠢᠭᠡᠯᠡᠭᠰᠡᠨ ᠬᠦᠮᠦᠨ ᠦ ᠭᠠᠷ ᠤᠨ ᠦᠰᠦᠭ ᠡᠮᠦᠨ᠎ᠡ ᠨᠢ ᠳᠤᠷᠠᠶᠢᠲᠠᠯ᠎ᠠ ᠪᠢᠴᠢᠭᠳᠡᠵᠦ ᠪᠠᠶᠢᠬᠤ ᠳ᠋ᠦ ᠬᠠᠷᠢᠨ ᠬᠣᠶᠢᠨᠠ ᠨᠢ ᠪᠠᠳᠤᠯᠠᠨ ᠳᠠᠭᠠᠭᠠᠬᠰᠠᠨ ᠰᠢᠳᠤᠷᠭᠤ ᠠᠷᠠᠳ ᠢ ᠳᠠᠷᠤᠨ ᠠᠪᠠᠴᠢᠵᠤ ᠭᠢᠨᠲᠠᠨ ᠳ᠋ᠦ ᠬᠣᠷᠢᠵᠤ ︿ ︿ ᠶᠠᠯ᠎ᠠ ﹀ ﹀ ᠬᠡᠯᠡᠯᠴᠡᠨ᠎ᠡ ᠃ ᠶᠠᠭᠤᠲᠠᠢ ᠬᠦᠭᠡᠷᠦᠬᠦᠢ ︕ ᠬᠠᠷᠢᠨ ᠮᠡᠬᠡ ᠭᠠᠷᠭᠠᠨ ᠪᠣᠰᠣᠤᠨ ᠢ ᠬᠣᠤᠷᠯᠠᠨ ᠵᠣᠭᠤᠰ ᠬᠣᠨᠵᠢᠨ ᠠᠰᠢᠭ ᠬᠦᠷᠲᠡᠭᠴᠢ ᠭᠣᠤᠯ ᠪᠡᠶ᠎ᠡ ᠨᠢ ᠨᠡᠶᠢᠭᠡᠮ ᠳᠡᠭᠡᠷ᠎ᠡ ᠢᠨᠢᠶᠡᠳᠦ ᠲᠠᠢ ᠶᠠᠭᠤᠮ᠎ᠠ ᠲᠠᠢ ᠶᠸᠨᠦ ᠬᠠᠷᠠᠵᠤ ᠰᠠᠬᠰᠠᠭᠤᠷᠠᠵᠤ ᠶᠠᠪᠤᠨ᠎ᠠ ᠃ ᠶᠠᠮᠠᠷ ᠦᠵᠡᠭᠳᠡᠯ ︖ ᠪᠠᠷᠢᠪᠠᠰᠤ ᠭᠠᠷ ᠤᠨ ᠦᠰᠦᠭ ᠵᠢᠷᠤᠬᠰᠠᠨ ᠭᠣᠤᠯ ᠡᠵᠡᠨ ᠲᠠᠢ ᠨᠢ ᠬᠣᠶᠠᠭᠤᠯᠠ ᠶ᠋ᠢ ᠬᠠᠮᠳᠤ ᠳ᠋ᠦ᠋ᠨᠢ ᠪᠠᠷᠢᠵᠤ ᠶᠠᠯᠠᠳᠠᠪᠠᠯ ᠶᠠᠮᠠᠷ ︖ ᠡᠨᠡ ᠨᠢ ᠲᠥᠪ ᠭᠣᠤᠯᠴᠢ ᠮᠦᠷᠳᠡᠭᠡᠨ ᠵᠣᠭᠤᠰ ᠮᠥᠩᠭᠥ ᠪᠡᠨ ᠡᠭᠡᠭᠦᠯᠦᠨ ᠠᠪᠬᠤ ᠳ᠋ᠦ ᠴᠤ ᠲᠥᠭᠦᠮ ᠪᠠᠶᠢᠬ᠎ᠠ ᠃ ᠬᠡᠷᠡᠭ ᠡᠳᠦᠭᠴᠢ ᠬᠤᠶᠢᠬᠤᠷ ᠬᠠᠵᠠᠭᠤ ᠳ᠋ᠦ᠋ᠨᠢ ᠵᠢᠷᠭᠠᠵᠤ ᠬᠦᠮᠦᠨ ᠢ ᠬᠠᠪᠰᠤᠷᠤᠬᠴᠢ ᠨᠤᠮᠤᠬᠠᠨ ᠬᠣᠤᠷ ᠠᠮᠰᠠᠬᠤ ᠭᠡᠭᠴᠢ ᠂᠂᠂ ᠂᠂᠂
ᠲᠡᠷᠡ ᠣᠯᠠᠨ ᠬᠣᠤᠷ ᠠᠮᠰᠠᠬᠰᠠᠤᠨ ᠠᠩᠬ᠎ᠠ ᠡᠬᠢᠯᠡᠩᠭᠦᠲᠡ ︿ ︿ ᠪᠠᠳᠤᠯᠠᠨ ᠳᠠᠭᠠᠭᠠᠯᠲᠠ ﹀ ﹀ ᠶ᠋ᠢᠨ ᠲᠤᠬᠠᠢ ᠲᠠᠨᠢᠯᠲᠠ ᠪᠠᠯᠠᠷᠬᠠᠢ ᠤᠶᠢᠯᠠᠭᠠᠯᠲᠠ ᠲᠤᠲᠠᠮᠠᠭ ᠂ ᠰᠠᠶᠢᠬᠠᠨ ᠰᠠᠨᠠᠭ᠎ᠠ ᠲᠠᠢ ᠂ ᠬᠠᠶᠢᠷ᠎ᠠ ᠰᠡᠦᠨᠬᠢᠯᠭᠡ ᠲᠠᠢ ᠂ ᠠᠰᠪᠤᠷ ᠰᠢᠯᠤᠭᠤᠨ ᠬᠦᠮᠦᠰ ᠪᠠᠶᠢᠭ᠎ᠠ ᠶᠤᠮ ᠃ ᠴᠠᠭᠠᠨ᠎ᠠ ᠪᠠᠨ ᠭᠡᠮ ᠲᠠᠢ ᠬᠣᠪᠳᠣᠭ ᠰᠢᠨᠤᠬᠠᠢ ᠬᠣᠪᠢᠨᠴᠢᠷ ᠦᠵᠡᠯᠲᠡᠨ ᠳ᠋ᠦ ᠠᠰᠢᠬᠯᠠᠬᠳᠠᠬᠰᠠᠨ ᠪᠠᠶᠢᠭ᠎ᠠ ᠪᠠᠨ ᠰᠡᠷᠡᠨ ᠮᠡᠳᠡᠬᠦ ᠳ᠋ᠦ ᠨᠢᠭᠡᠨᠲᠡ ᠣᠷᠤᠶᠢᠳᠠᠴᠢᠬᠠᠬᠰᠠᠨ ᠪᠠᠶᠢᠳᠠᠭ ᠃ ᠬᠣᠤᠷ ᠠᠮᠰᠠᠬᠴᠢ ᠶ᠋ᠢᠨ ᠪᠠᠭ᠎ᠠ ᠰᠢᠭ᠋ ᠨᠢ ᠭᠢᠨᠲᠠᠨ ᠤ ᠮᠤᠬᠤᠷ ᠢ ᠬᠡᠳᠦᠨ ᠡᠳᠦᠷ ᠰᠠᠬᠢᠵᠤ ᠬᠥᠷᠦᠩᠭᠡ ᠪᠣᠳᠠ ᠪᠠᠨ ᠬᠤᠳᠠᠯᠳᠤᠨ ᠥᠷᠢ ᠶ᠋ᠢ ᠨᠢ ᠲᠥᠯᠦᠬᠦ ᠃ ᠬᠦᠨᠳᠦ ᠬᠣᠤᠷᠳᠠᠬᠴᠢᠣᠨ ᠨᠢ ᠡᠬᠡᠨᠡᠷ ᠡᠴᠡ ᠪᠡᠨ ᠰᠠᠯᠵᠤ ᠦᠷ᠎ᠡ ᠬᠡᠦᠬᠡᠳ ᠡᠴᠡ ᠪᠡᠨ ᠠᠩᠭᠢᠵᠢᠷᠠᠨ ᠡᠷᠦᠬᠡ ᠭᠡᠷ ᠪᠣᠲᠠᠷᠠᠵᠤ ᠠᠮᠢᠳᠤᠷᠠᠯ ᠨᠢ ᠶᠠᠳᠠᠭᠤᠷᠠᠨ ᠳᠣᠷᠣᠶᠢᠲᠠᠵᠤ ᠥᠪᠡᠷ ᠪᠡᠶ᠎ᠡ ᠡᠪᠡᠦᠨᠴᠢᠨ ᠠᠷᠬᠠᠭ ᠣᠯᠵᠤ ᠪᠤᠢ ᠃
︿ ︿ ᠪᠠᠳᠤᠯᠠᠨ ᠳᠠᠭᠠᠭᠠᠯᠲᠠ ﹀ ﹀ ᠨᠢ ᠬᠦᠮᠦᠰ ᠲᠦ ᠮᠠᠭᠤ ᠤᠬᠠᠭᠠᠨ ᠤᠷᠭᠤᠭᠤᠯᠵᠤ ᠨᠥᠬᠦᠷᠯᠡᠯ ᠢ ᠬᠦᠨᠳᠦ ᠬᠡᠴᠡᠭᠦᠦ ᠡᠪᠳᠡᠨ ᠂ ᠬᠠᠷᠢᠴᠠᠭ᠎ᠠ ᠬᠣᠯᠪᠤᠭ᠎ᠠ ᠶ᠋ᠢ ᠠᠷᠭ᠎ᠠ ᠦᠭᠡᠢ ᠮᠠᠭᠤᠲᠠᠭᠤᠯᠵᠤ ᠂ ᠬᠠᠪᠰᠤᠷᠤᠨ ᠳᠤᠰᠠᠯᠠᠯᠴᠠᠬᠤ ᠬᠠᠷᠢᠯᠴᠠᠨ ᠪᠥᠯᠬᠦᠮᠳᠡᠬᠦ ᠬᠡᠪ ᠰᠤᠷᠲᠠᠯ ᠢ ᠬᠡᠴᠡᠭᠦᠦ ᠶᠡᠬᠡᠪᠡᠷ ᠨᠥᠯᠦᠭᠡᠯᠡᠵᠦ ᠪᠦᠬᠦᠢ ᠬᠣᠤᠷ ᠶᠡᠬᠡᠲᠡᠢ ᠶᠠᠪᠤᠳᠠᠯ ᠮᠦᠨ ᠭᠡᠰᠡᠨ ᠢ ᠪᠢ ᠬᠡᠯᠡᠬᠦ ᠦᠭᠡᠢ ᠳ᠋ᠦ ᠬᠦᠮᠦᠰ ᠨᠠᠳᠠ ᠡᠴᠠ ᠡᠷᠲᠡ ᠨᠠᠮ᠎ᠠ ᠡᠴᠠ ᠢᠯᠡᠭᠦᠦ ᠤᠬᠠᠭᠠᠷᠠᠵᠤ ᠪᠠᠶᠢᠭ᠎ᠠ ᠪᠣᠯᠤᠯᠲᠠᠢ ᠃
︿ ︿ ᠨᠢᠭᠡ ᠭᠡᠨᠡᠳᠡᠪᠡᠯ ᠨᠢᠭᠡ ᠤᠬᠠᠭᠠᠨ ᠣᠷᠤᠨ᠎ᠠ ﹀ ﹀ ᠭᠡᠳᠡᠭ ᠃ ︿ ︿ ᠪᠠᠳᠤᠯᠠᠨ ᠳᠠᠭᠠᠭᠠᠯᠲᠠ ﹀ ﹀ ᠳ᠋ᠦ ᠭᠡᠨᠡᠳᠡᠭᠳᠡᠪᠡᠯ ᠬᠦᠮᠦᠰ ᠶᠠᠮᠠᠷ ᠤᠬᠠᠭᠠᠨ ᠣᠷᠤᠳᠠᠭ ᠪᠣᠯ ︖
︿ ︿ ᠪᠠᠳᠤᠯᠠᠨ ᠳᠠᠭᠠᠭᠠᠯᠲᠠ ﹀ ﹀ ᠳ᠋ᠦ ᠪᠣᠯᠭᠤᠮᠵᠢᠲᠠᠢ ᠪᠠᠶᠢᠶ᠎ᠠ ︕
ᠯᠢ ᠪᠤᠶᠠᠨᠴᠤᠬᠯᠠ
ᠢᠷᠡᠯᠳᠡ᠄
ᠨᠠᠶᠢᠷᠠᠭᠤᠯᠤᠭᠴᠢ᠄
ᠳᠤᠯᠠᠭᠠᠨ