ᠭᠡᠷᠡᠯ ᠵᠢᠷᠤᠬᠴᠢᠦᠨ ᠤᠨ ᠡᠩᠨᠡᠭᠡᠨ ᠦ ᠠᠪᠤᠷᠭᠤ ᠰᠣᠨᠢᠨ ᠮᠡᠳᠡᠭᠡᠨ ᠦ ᠡᠲᠡᠭᠡᠳ ᠦᠨ ᠰᠢᠳᠤᠷᠭᠤ --ᠨᠠᠢᠮᠠᠨ ᠬᠤᠰᠢᠭᠤᠨ ᠤ ᠨᠠᠮ ᠤᠨ ᠬᠣᠷᠢᠶᠠᠨ ᠤ ᠤᠬᠠᠭᠤᠯᠬᠤ ᠬᠡᠯᠲᠡᠰ ᠦᠨ ᠠᠵᠢᠯᠲᠠᠨ ᠴᠤᠶᠢᠵᠢ ᠭᠤᠸᠠᠢ ᠶ᠋ᠢᠨ ᠤᠶᠢᠯᠡ ᠠᠵᠢᠯᠯᠠᠭ᠎ᠠ ᠶ᠋ᠢᠨ ᠲᠣᠬᠠᠢ ᠲᠣᠶᠢᠮᠤᠴᠢᠯᠠᠨ ᠲᠡᠮᠳᠡᠭᠯᠠᠪᠡ

ᠣᠩᠰᠢᠭᠰᠠᠨ ᠤᠳᠠᠭ᠎ᠠ ᠄ 7377     ᠨᠡᠶᠢᠳᠡᠯᠡᠭᠰᠡᠨ ᠴᠠᠭ ᠄ 2018/10/5 10:26:36

        ᠴᠤᠶᠢᠵᠢ ᠂ ᠪᠦᠳᠦᠨ ᠨᠡᠷ᠎ᠡ ᠨᠢ ᠴᠤᠶᠢᠵᠢᠠᠤᠣᠨᠽᠠᠷ ᠭᠡᠳᠡᠭ ᠃ ︿ ︿ ᠨᠣᠮ ᠤᠨ ᠭᠡᠷᠡᠯ ﹀ ﹀ ᠬᠡᠮᠡᠬᠦ ᠤᠣᠨᠬ᠎ᠠ ᠲᠠᠢ ᠲᠥᠪᠡᠳ ᠭᠠᠷᠤᠯ ᠲᠠᠢ ᠨᠡᠷ᠎ᠡ ᠃ ᠴᠤᠶᠢᠵᠢ ᠭᠤᠸᠠᠢ ᠨᠡᠬᠡᠷᠡᠨ ᠨᠡᠷ᠎ᠡ ᠯᠦᠭᠡ ᠪᠡᠨ ᠨᠡᠶᠢᠴᠡᠭᠰᠡᠨ   ︿ ︿ ᠭᠡᠷᠡᠯ ﹀ ﹀  ᠢᠶᠡᠨ ᠪᠠᠳᠠᠷᠠᠭᠤᠯᠵᠤ ︿ ︿ ᠨᠣᠮ ﹀ ﹀ ᠲᠠᠢ ᠶᠠᠪᠤᠭ᠎ᠠ ᠬᠦᠮᠦᠨ ᠃ ᠲᠡᠷᠡ ᠪᠡᠷ 1966 ᠣᠨ ᠤ ᠪᠤᠲᠠᠭᠠᠯᠢ ᠂ ᠨᠠᠢᠮᠠᠨ ᠬᠤᠰᠢᠭᠤᠨ ᠤ ᠲᠦᠯᠡᠭᠡᠨᠲᠠᠯ᠎ᠠ ᠨᠤᠲᠤᠭ ᠲᠠᠢ ᠮᠠᠯᠴᠢᠨ ᠤ ᠦᠷᠡᠳᠦᠰ ᠤᠶᠤᠲᠠᠨ ᠃ ᠲᠦᠯᠡᠭᠡᠨᠲᠠᠯ᠎ᠠ ᠰᠤᠮᠤ ᠶ᠋ᠢᠨ ᠡᠪᠯᠡᠯ ᠦᠨ ᠬᠣᠷᠢᠶᠠᠨ ᠤ ᠱᠦᠵᠢ ᠂ ᠵᠠᠰᠠᠭ ᠤᠨ ᠣᠷᠳᠤᠨ ᠤ ᠨᠠᠷᠢᠨ ᠪᠢᠴᠢᠭᠡᠴᠢ ᠂ ᠨᠠᠢᠮᠠᠨ ᠰᠣᠨᠢᠨ ᠤ ᠰᠣᠷᠪᠣᠯᠵᠢᠯᠠᠬᠴᠢ ᠂ ᠨᠠᠢᠮᠠᠨ ᠬᠤᠰᠢᠭᠤᠨ ᠤ ᠰᠣᠶᠣᠯ ᠤᠨ ᠣᠷᠳᠤᠨ ᠤ ᠭᠡᠷᠡᠯ ᠵᠢᠷᠤᠭ ᠤᠨ ᠵᠢᠯᠤᠭᠤᠳᠤᠬᠴᠢ ᠂ ︿ ︿ ᠵᠢᠷᠢᠮ ᠦᠨ ᠰᠣᠨᠢᠨ ﹀ ﹀ ᠤ ᠨᠠᠢᠮᠠᠨ ᠳ᠋ᠤ ᠰᠠᠭᠤᠭ᠎ᠠ ᠰᠣᠷᠪᠤᠯᠵᠢᠯᠠᠬᠴᠢ ᠶ᠋ᠢᠨ ᠥᠷᠲᠡᠭᠡᠨ ᠦ ᠰᠣᠷᠪᠤᠯᠵᠢᠯᠠᠬᠴᠢ  ᠪᠠ ᠥᠷᠲᠡᠭᠡᠨ ᠳᠠᠷᠤᠭ᠎ᠠ ᠂ ᠨᠠᠢᠮᠠᠨ ᠬᠤᠰᠢᠭᠤᠨ ᠤ ᠤᠬᠠᠭᠤᠯᠬᠤ ᠬᠡᠯᠲᠡᠰ ᠦᠨ ᠰᠣᠨᠢᠨ ᠮᠡᠳᠡᠭᠡᠨ ᠦ ᠰᠣᠷᠪᠤᠯᠵᠢᠯᠠᠬᠴᠢ ᠵᠡᠷᠭᠡ ᠠᠵᠢᠯ ᠲᠤᠰᠢᠶᠠᠯ ᠢ ᠤᠷᠢᠳ ᠬᠣᠵᠢᠳ ᠬᠠᠷᠢᠭᠤᠴᠠᠨ ᠬᠢᠵᠦ ᠂ ᠶᠠᠭᠤ ᠬᠢᠪᠡᠯ ᠶᠠᠭᠤ ᠪᠠᠨ ᠭᠢᠯᠠᠷᠠᠲᠠᠯ᠎ᠠ ᠪᠡᠶᠡᠯᠡᠭᠦᠯᠵᠡᠢ ᠃ ᠲᠡᠷᠡ ᠪᠡᠷ 1990 ᠣᠨ ᠡᠴᠠ ᠰᠤᠨᠢᠨ ᠮᠡᠳᠡᠭᠡᠨ ᠦ ᠰᠤᠷᠲᠠᠯ ᠤᠬᠠᠭᠤᠯᠭ᠎ᠠ ᠶ᠋ᠢᠨ ᠠᠵᠢᠯ ᠢ ᠭᠠᠷᠳᠠᠨ ᠬᠢᠵᠦ ᠂ ᠭᠤᠴᠢᠭᠠᠳ ᠵᠢᠯ ᠦᠨ ᠲᠣᠷᠰᠢ  ᠨᠢᠭᠡᠨ ᠰᠡᠦᠨᠬᠢᠯ ᠭᠠᠬᠴᠡ ᠵᠣᠷᠢᠭ ᠢᠶᠠᠷ ᠲᠣᠬᠠᠶᠢᠯᠠᠬᠰᠠᠨ ᠠᠵᠢᠯ ᠳ᠋ᠠᠭᠠᠨ ᠲᠡᠮᠡᠦᠯᠦᠨ ᠨᠢᠭᠡ ᠯᠠ ᠡᠳᠥᠷ ᠮᠡᠲᠦ ᠥᠩᠭᠡᠷᠡᠭᠦᠯᠵᠡᠢ ᠃
2009 ᠣᠨ ᠤ ᠨᠠᠮᠤᠷ ᠂ ︿ ︿ ᠥᠪᠥᠷ ᠮᠤᠩᠭᠤᠯ ᠤᠨ ᠡᠳᠥᠷ ᠦᠨ ᠰᠣᠨᠢᠨ ﹀ ﹀ ᠤ ᠮᠤᠩᠭᠤᠯ ᠬᠡᠪᠯᠡᠯ ᠦᠨ ᠬᠦᠯᠦᠨ ᠪᠣᠶᠢᠷ ᠤᠨ ᠰᠢᠨ᠎ᠡ ᠪᠠᠷᠭᠤ ᠪᠠᠷᠠᠭᠤᠨ ᠬᠤᠰᠢᠭᠤᠨ ᠳ᠋ᠤ ᠪᠣᠯᠤᠬᠰᠠᠨ ᠭᠤᠷᠪᠠᠳᠤᠭᠠᠷ ᠤᠳᠠᠭᠠᠨ ᠤ ᠤᠩᠰᠢᠬᠴᠢᠤᠨ  ᠤᠨ ᠨᠠᠶᠢᠷ ᠲᠤ ᠤᠷᠢᠬᠳᠠᠨ ᠬᠠᠮᠳᠤ ᠣᠷᠤᠯᠴᠠᠨ ᠲᠡᠷᠡ ᠪᠡᠷ ︿ ︿ ᠥᠪᠥᠷ ᠮᠤᠩᠭᠤᠯ ᠤᠨ ᠡᠳᠥᠷ ᠦᠨ ᠰᠣᠨᠢᠨ ﹀ ﹀ ᠤ ᠣᠨᠴᠠ ᠤᠷᠢᠬᠰᠠᠨ ᠰᠣᠷᠪᠤᠯᠵᠢᠯᠠᠬᠴᠢ ᠶ᠋ᠢᠨ ᠥᠨᠡᠮᠯᠡᠯ ᠲᠡᠮᠳᠡᠭ ᠲᠣᠰᠤᠬᠰᠠ ᠪᠠᠶᠢᠳᠠᠭ ᠃ ᠲᠡᠷᠡ ᠪᠡᠷ ᠦᠰᠦᠭ ᠪᠢᠴᠢᠭ ᠂ ᠭᠡᠷᠡᠯ ᠵᠢᠷᠤᠭ ᠢᠶᠠᠷ ᠮᠡᠳᠡᠭᠡᠯᠡᠬᠦ ᠶ᠋ᠢ ᠤᠶᠠᠯᠳᠤᠭᠤᠯᠤᠨ ᠮᠤᠩᠭᠤᠯ ᠬᠢᠲᠠᠳ ᠬᠡᠪᠯᠡᠯ ᠦᠨ ᠰᠣᠨᠢᠨ ᠰᠡᠦᠨᠬᠦᠯ ᠳ᠋ᠦ ᠢᠳᠡᠪᠬᠢᠲᠡᠢ ᠡᠬᠡ ᠪᠢᠴᠢᠭ ᠬᠠᠩᠭᠠᠵᠤ ᠪᠠᠶᠢᠬᠰᠠᠨ ᠢᠶᠡᠨ ᠰᠡᠭᠦᠯ ᠦᠨ ᠦᠶᠡᠰ ᠭᠡᠷᠡᠯ ᠵᠢᠷᠤᠭ ᠢᠶᠠᠷ ᠮᠡᠳᠡᠭᠡᠯᠡᠬᠦ ᠶ᠋ᠢ ᠭᠣᠤᠯ ᠪᠣᠯᠭᠠᠨ ᠬᠣᠷᠢ ᠭᠠᠷᠤᠢ ᠵᠢᠯ ᠦᠨ ᠲᠣᠷᠰᠢ ᠬᠢᠷᠢ ᠪᠦᠳᠦᠮᠵᠢ ᠲᠣᠪᠤᠶᠢᠮ᠎ᠠ ᠪᠠᠶᠢᠵᠤ ᠂ ᠬᠠᠮᠢᠶ᠎ᠠ ᠪᠦᠬᠦᠢ ᠤᠳᠤᠷᠢᠳᠤᠯᠭ᠎ᠠ ᠶ᠋ᠢᠨ ᠮᠠᠬᠲᠠᠭᠠᠯ ᠰᠠᠶᠢᠰᠢᠶᠠᠯ ᠪᠠ ᠣᠯᠠᠨ ᠲᠦᠮᠡᠨ ᠦ ᠬᠠᠯᠠᠭᠤᠨ ᠬᠦᠷᠢᠶᠡᠯᠡᠯ ᠢ ᠣᠯᠵᠠᠢ ᠃ ᠤᠶᠢᠷ᠎ᠠ ᠶ᠋ᠢᠨ ᠵᠢᠯ ᠡᠴᠡ ᠰᠣᠨᠢᠨ ᠮᠡᠳᠡᠭᠡᠨ ᠦ ᠭᠡᠷᠡᠯ ᠵᠢᠷᠤᠭ ᠪᠠ ᠤᠷᠠᠯᠢᠭ ᠤᠨ ᠭᠡᠷᠡᠯ ᠵᠢᠷᠤᠭ ᠠᠪᠬᠤ ᠶ᠋ᠢ ᠬᠠᠮᠳᠤ ᠳ᠋ᠦ᠋ᠨᠢ ᠴᠢᠬᠤᠯᠠᠴᠢᠯᠠᠨ ᠪᠠᠷᠢᠮᠲᠠᠯᠠᠵᠤ ᠂ ᠲᠡᠭᠦᠨ ᠦ ᠭᠡᠷᠡᠯ ᠵᠢᠷᠤᠭ ᠤᠨ ᠪᠦᠳᠦᠭᠡᠯ ᠨᠢ ᠤᠯᠤᠰ ᠤᠨ ᠲᠡᠰ ᠦᠨ ︿ ︿ ᠦᠨᠳᠦᠰᠦᠲᠡᠨ ᠦ ᠵᠢᠷᠤᠬᠳᠤ ᠰᠡᠦᠨᠬᠦᠯ ﹀ ﹀ ᠂ ︿ ︿ ᠳᠣᠮᠳᠠᠳᠤ ᠤᠯᠤᠰ ᠤᠨ ᠭᠡᠷᠡᠯ ᠵᠢᠷᠤᠭ ᠤᠨ ᠰᠣᠨᠢᠨ ﹀ ﹀ ᠂ ︿ ︿ ᠳ᠋ᠠ ᠵᠥᠩ ᠭᠡᠷᠡᠯ ᠵᠢᠷᠤᠭ ﹀ ﹀ ᠵᠡᠷᠭᠡ ᠶ᠋ᠢ ᠪᠠᠬᠲᠠᠭᠠᠬᠰᠠᠨ ᠡᠯ᠎ᠡ ᠱᠠᠳᠤᠨ ᠤ ᠰᠣᠨᠢᠨ ᠰᠡᠦᠨᠬᠦᠯ ᠳ᠋ᠦ ᠣᠳᠤ ᠨᠢᠭᠡᠨᠲᠡ 2170 ᠭᠠᠷᠤᠢ ᠬᠤᠪᠢ ᠨᠡᠶᠢᠲᠡᠯᠡᠭᠳᠡᠵᠦ ᠂ ᠪᠦᠬᠦ ᠤᠯᠤᠰ ᠤᠨ ᠭᠡᠷᠡᠯ ᠵᠢᠷᠤᠭ ᠤᠨ ᠤᠷᠤᠯᠳᠤᠭᠠᠨ ᠳ᠋ᠤ ᠬᠡᠳᠦᠨᠲᠡ ᠱᠠᠩᠨᠠᠯ ᠬᠦᠷᠲᠡᠵᠦ ᠬᠤᠪᠸᠢ ᠂ ᠭᠦᠢᠵᠧᠦ ᠂ ᠭᠠᠨᠰᠤ ᠂ ᠲᠢᠶᠠᠨᠵᠢᠨ ᠵᠡᠷᠭᠡ ᠭᠠᠵᠠᠷ ᠬᠦᠷᠴᠦ ᠱᠠᠩᠨᠠᠯ ᠲᠣᠰᠴᠤ ᠂ ᠨᠠᠢᠮᠠᠨ ᠬᠤᠰᠢᠭᠤᠨ ᠤ ᠭᠠᠳᠠᠭᠠᠳᠤ ᠤᠬᠠᠭᠤᠯᠭ᠎ᠠ ᠪᠣᠯᠣᠨ ᠬᠣᠶᠠᠷ ᠪᠣᠯᠪᠠᠰᠤᠨ ᠤ ᠪᠠᠶᠢᠭᠤᠯᠤᠯᠲᠠ ᠳ᠋ᠤ ᠪᠠᠯᠠᠷᠠᠰᠢ ᠦᠭᠡᠢ ᠭᠠᠪᠢᠶ᠎ᠠ ᠵᠢᠦᠨᠬᠦᠯ ᠦᠵᠡᠭᠦᠯᠵᠡᠢ ᠃
       2000 ᠣᠨ ᠳ᠋ᠤ ᠂ ᠨᠠᠢᠮᠠᠨ ᠬᠣᠰᠢᠭᠤᠨ ᠤ ᠭᠡᠷᠡᠯ ᠵᠢᠷᠤᠬᠴᠢᠦᠨ ᠤᠨ ᠨᠡᠶᠢᠭᠡᠮᠯᠢᠭ ᠪᠠᠶᠢᠭᠤᠯᠤᠬᠳᠠᠵᠤ ᠂ ᠲᠡᠷᠡ ᠪᠡᠷ ᠨᠡᠶᠢᠭᠡᠮᠯᠢᠭ ᠦᠨ ᠲᠡᠷᠢᠭᠦᠯᠡᠭᠴᠢ ᠪᠡᠷ ᠰᠤᠩᠭᠤᠬᠳᠠᠪᠠ ᠃ ᠲᠡᠭᠦᠨ ᠦ ᠳᠠᠶᠢᠴᠢᠯᠠᠯ ᠢᠶᠠᠷ ᠠᠩᠬ᠎ᠠ ᠡᠬᠢᠨ ᠦ ᠨᠡᠶᠢᠭᠡᠮᠯᠢᠭ ᠦᠨ ᠬᠡᠰᠢᠭᠦᠨ 24 ᠪᠠᠶᠢᠬᠰᠠᠨ ᠡᠴᠠ ᠪᠠᠨ ᠣᠳᠣᠬᠠᠨ ᠳ᠋ᠤ 127 ᠬᠡᠰᠢᠭᠦᠨ ᠲᠠᠢ ᠪᠣᠯᠵᠤ ᠂ ᠡᠭᠦᠨ ᠳ᠋ᠦ ᠳᠣᠮᠳᠠᠳᠤ ᠤᠯᠤᠰ ᠤᠨ ᠭᠡᠷᠡᠯ ᠵᠢᠷᠤᠬᠴᠢᠦᠨ ᠤᠨ ᠨᠡᠶᠢᠭᠡᠮᠯᠢᠭ ᠦᠨ ᠬᠡᠰᠢᠭᠦᠨ 6 ᠂ ᠥᠪᠥᠷ ᠮᠤᠩᠭᠤᠯ ᠤᠨ ᠭᠡᠷᠡᠯ ᠵᠢᠷᠤᠬᠴᠢᠦᠨ ᠤᠨ ᠨᠡᠶᠢᠭᠡᠮᠯᠢᠭ ᠦᠨ ᠬᠡᠰᠢᠭᠦᠨ 18 ᠂ ᠲᠥᠩᠯᠢᠶᠣᠤ ᠬᠣᠲᠠ ᠶ᠋ᠢᠨ ᠭᠡᠷᠡᠯ ᠵᠢᠷᠤᠬᠴᠢᠦᠨ ᠤᠨ ᠨᠡᠶᠢᠭᠡᠮᠯᠢᠭ ᠦᠨ ᠬᠡᠰᠢᠭᠦᠨ 58 ᠪᠤᠢ ᠃ ᠴᠤᠶᠢᠵᠢ ᠭᠤᠸᠠᠢ ᠭᠡᠷᠡᠯ ᠵᠢᠷᠤᠬᠴᠢᠦᠨ ᠢᠶᠡᠨ ᠳᠠᠭᠠᠭᠤᠯᠤᠨ ᠬᠦᠳᠡᠭᠡ ᠲᠣᠰᠬᠤᠨ ᠮᠠᠯᠵᠢᠬᠤ ᠣᠷᠣᠨ ᠳ᠋ᠤ ᠭᠦᠨᠵᠡᠭᠡᠶᠢᠷᠡᠨ ᠡᠯᠡᠰᠦ ᠮᠠᠩᠬ᠎ᠠ ᠂ ᠲᠡᠮᠡᠭᠡ ᠢᠮᠠᠭ᠎ᠠ ᠂ ᠪᠥᠭᠳᠥᠷ ᠤᠳᠠ ᠂ ᠨᠠᠭᠤᠷ ᠤᠰᠤ ᠁ ᠵᠡᠷᠭᠡ ᠬᠦᠮᠦᠨ ᠰᠣᠶᠣᠯ ᠤᠨ ᠰᠣᠷᠭᠣᠭ ᠦᠵᠡᠮᠵᠢ ᠶ᠋ᠢ ᠰᠡᠭᠦᠳᠡᠷᠯᠡᠬᠦ ᠮᠠᠰᠢᠨ ᠳ᠋ᠠᠭᠠᠨ ᠰᠢᠩᠭᠡᠭᠡᠨ ᠠᠪᠴᠤ ᠂ ᠨᠤᠲᠤᠭ ᠤᠨ ᠲᠡᠦᠬᠡ ᠣᠷᠣᠨ ᠤ ᠦᠵᠡᠮᠵᠢ ᠶ᠋ᠢ ᠲᠠᠶᠠᠭᠠᠷ ᠣᠯᠠᠨ ᠳ᠋ᠤ ᠲᠠᠨᠢᠭᠤᠯᠤᠨ ᠂ ᠨᠠᠢᠮᠠᠨ ᠤ ᠥᠩᠭᠡ ᠦᠵᠡᠮᠵᠢ ᠡᠬᠢ ᠪᠠᠶᠠᠯᠢᠭ ᠥᠷᠨᠢᠯ ᠬᠥᠭᠵᠢᠯ ᠢ ᠲᠡᠯᠡᠬᠡᠢ ᠳ᠋ᠠᠬᠢᠨ᠎ᠠ ᠮᠡᠳᠡᠭᠦᠯᠦᠨ ᠤᠬᠠᠭᠤᠯᠵᠤ ᠪᠠᠶᠢᠳᠠᠭ ᠃ ᠲᠡᠷᠡ ᠪᠡᠷ ᠰᠣᠨᠢᠨ ᠮᠡᠳᠡᠭᠡᠨ ᠦ ᠭᠡᠷᠡᠯ ᠵᠢᠷᠤᠭ ᠤᠨ ᠲᠤᠰᠬᠠᠢ ᠮᠡᠷᠭᠡᠵᠢᠯᠲᠡᠨ ᠪᠠᠭᠰᠢ ᠶ᠋ᠢ ᠤᠷᠢᠵᠤ ᠪᠣᠯᠪᠠᠰᠤᠷᠠᠯ ᠤᠨ ᠠᠩᠭᠢ ᠶ᠋ᠢ 160 ᠤᠳᠠᠭ᠎ᠠ ᠡᠷᠬᠢᠯᠡᠵᠦ 15300 ᠭᠠᠷᠤᠢ ᠬᠦᠮᠦᠨ ( ᠤᠳᠠᠭ᠎ᠠ )  ᠳ᠋ᠦ ᠲᠤᠰᠬᠠᠢ ᠪᠣᠯᠪᠠᠰᠤᠷᠠᠯ ᠬᠦᠷᠲᠡᠭᠡᠨ ᠂ ᠨᠠᠢᠮᠠᠨ ᠨᠤᠲᠤᠭ ᠤᠨ ᠭᠡᠷᠡᠯ ᠵᠢᠷᠤᠬᠴᠢᠦᠨ ᠤᠨ ᠰᠡᠭᠦᠳᠡᠷᠯᠡᠬᠦ ᠬᠢᠷᠢ ᠲᠥᠪᠰᠢᠨ ᠢ ᠶᠡᠬᠡᠪᠡᠷ ᠳᠡᠭᠡᠭᠰᠢᠯᠡᠭᠦᠯᠦᠭᠰᠡᠨ ᠪᠠᠶᠢᠨ᠎ᠠ ᠃ ᠶᠠᠫᠤᠨ ᠂ ᠺᠣᠷᠢᠶᠠ ᠂ ᠲᠠᠶᠢᠸᠠᠨ ᠂ ᠰᠢᠶᠠᠩᠭᠠᠩ ᠵᠡᠷᠭᠡ ᠤᠯᠤᠰ ᠣᠷᠣᠨ ᠤ 5000 ᠢᠯᠡᠭᠦᠦ ᠬᠦᠮᠦᠨ ( ᠤᠳᠠᠭ᠎ᠠ ) ᠭᠡᠷᠡᠯ ᠵᠢᠷᠤᠬᠴᠢᠦᠨ ᠢ ᠬᠦᠯᠢᠶᠡᠨ ᠵᠣᠴᠢᠯᠠᠵᠤ ᠬᠠᠮᠳᠤ ᠶ᠋ᠢᠨ ᠰᠣᠷᠪᠤᠯᠵᠢᠯᠠᠭ᠎ᠠ ᠶ᠋ᠢ 57 ᠤᠳᠠᠭ᠎ᠠ ᠬᠢᠵᠦ ᠂ ᠳᠣᠳᠤᠭᠠᠳᠤ ᠭᠠᠳᠠᠭᠠᠳᠤ ᠶ᠋ᠢᠨ ᠭᠡᠷᠡᠯ ᠵᠢᠷᠤᠬᠴᠢᠦᠨ ᠲᠡᠯᠡᠬᠡᠢ ᠨᠡᠶᠢᠲᠡ ᠶ᠋ᠢᠨ ᠣᠯᠠᠨ ᠵᠠᠭᠤᠴᠢᠯᠠᠭᠤᠷ ᠲᠤ ᠨᠠᠢᠮᠠᠨ ᠤ ᠥᠩᠭᠡ ᠦᠵᠡᠮᠵᠢ ᠶ᠋ᠢᠨ ᠭᠡᠷᠡᠯ ᠵᠢᠷᠤᠭ ᠢ 200 ᠭᠠᠷᠤᠢ ᠬᠤᠪᠢ ᠨᠡᠶᠢᠲᠡᠯᠡᠭᠦᠯᠵᠡᠢ ᠃ ᠪᠡᠭᠡᠵᠢᠩ ᠂ ᠶᠠᠨᠴᠢᠩ ᠂ ᠮᠥᠭᠳᠡᠨ ᠂ ᠹᠦᠰᠢᠨ ᠂ ᠠᠨᠱᠠᠨ ᠂ ᠰᠢᠯᠢ ᠶ᠋ᠢᠨ ᠭᠣᠤᠯ ᠂ ᠤᠯᠠᠭᠠᠨᠬᠠᠳᠠ ᠂ ᠬᠢᠩᠭᠠᠨ ᠠᠶᠢᠮᠠᠭ ᠵᠡᠷᠭᠡ 9 ᠭᠠᠵᠠᠷ ᠣᠷᠣᠨ ᠲᠠᠢ ᠨᠥᠬᠦᠷᠰᠡᠭ ᠨᠡᠶᠢᠭᠡᠮᠯᠢᠭ ᠦᠨ ᠬᠠᠷᠢᠴᠠᠭ᠎ᠠ ᠪᠠᠶᠢᠭᠤᠯᠵᠤ ᠂ ᠵᠢᠯ ᠪᠦᠷᠢ ᠬᠠᠮᠳᠤ ᠶ᠋ᠢᠨ ᠰᠣᠷᠪᠤᠯᠵᠢᠯᠠᠭ᠎ᠠ ᠠᠵᠢᠯᠯᠠᠭᠠᠨ ᠢ 5 ᠡᠴᠡ ᠳᠡᠭᠡᠭᠰᠢ ᠥᠷᠨᠢᠭᠦᠯᠵᠦ ᠪᠤᠢ ᠃
        ︿ ︿ ᠰᠢᠷᠠᠬᠢ ᠬᠣᠨᠳᠠᠭᠠᠳᠤ ﹀ ﹀ ᠂ ︿ ︿ ᠮᠤᠩᠭᠤᠯ ᠡᠮᠴᠢ ᠬᠤᠨᠳᠠᠭᠠᠳᠤ ﹀ ﹀ ᠂ ︿ ︿ ᠬᠠᠳᠠ ᠬᠤᠨᠳᠠᠭᠠᠳᠤ ﹀ ﹀ ᠂ ︿ ︿ ᠭᠣᠷᠪᠠᠨᠬᠤᠸᠠ ᠬᠤᠨᠳᠠᠭᠠᠳᠤ ﹀ ﹀ ᠂ ︿ ︿  ᠨᠠᠢᠮᠠᠨ ᠤ ᠵᠠᠩ ᠤᠶᠢᠯᠡ ﹀ ﹀ ᠂ ︿ ︿ ᠬᠤᠸᠠᠷ ᠴᠡᠴᠡᠭ ﹀ ﹀ ᠁ ᠮᠡᠳᠥ ᠶ᠋ᠢᠨ ᠡᠯ᠎ᠡ ᠲᠥᠷᠥᠯ ᠦᠨ ᠲᠤᠰᠬᠠᠢ ᠰᠡᠳᠦᠪᠳᠦ ᠭᠡᠷᠡᠯ ᠵᠢᠷᠤᠭ ᠤᠨ ᠤᠷᠤᠯᠳᠠᠭᠠᠨ ᠢ ᠤᠷᠢᠳ ᠬᠣᠵᠢᠳ 35 ᠤᠳᠠᠭ᠎ᠠ ᠡᠷᠬᠢᠯᠡᠵᠦ ᠂  ᠵᠢᠯ ᠪᠦᠷᠢ ᠲᠤᠰᠬᠠᠢ ᠰᠡᠳᠦᠪᠳᠦ ᠰᠢᠷᠢᠰ ᠭᠡᠷᠡᠯ ᠵᠢᠷᠤᠭ ᠤᠨ ᠤᠷᠤᠯᠳᠤᠭᠠᠨ ᠢ ᠬᠡᠳᠦᠨᠲᠡ ᠵᠣᠬᠢᠶᠠᠨ ᠪᠠᠶᠢᠭᠤᠯᠤᠨ ᠶᠠᠪᠤᠬᠳᠠᠭᠤᠯᠵᠤ ᠂ ᠨᠠᠢᠮᠠᠨ ᠤ ᠡᠯ᠎ᠡ ᠲᠥᠷᠥᠯ ᠦᠨ ᠠᠵᠢᠯ ᠤᠶᠢᠯᠡᠰ  ᠦᠨ ᠬᠥᠭᠵᠢᠯᠲᠡ ᠬᠣᠪᠢᠷᠠᠯᠲᠠ ᠶ᠋ᠢ ᠠᠬᠢᠭᠤᠯᠵᠤ ᠪᠤᠢ ᠃ 2014 ᠣᠨ ᠡᠴᠠ ︿ ︿ ᠳᠣᠮᠳᠠᠳᠤ ᠤᠯᠤᠰ ᠤᠨ ᠭᠡᠷᠡᠯ ᠵᠢᠷᠤᠭ ᠤᠨ ᠰᠣᠨᠢᠨ ﹀ ﹀ ᠲᠠᠢ ᠬᠠᠮᠳᠤᠷᠠᠨ 2 ᠵᠢᠯ ᠳᠠᠷᠠᠭᠠᠯᠠᠨ ︿ ︿ ᠨᠠᠢᠮᠠᠨ ᠬᠤᠰᠢᠭᠤᠨ ᠳ᠋ᠤ ᠲᠣᠭᠤᠷᠢᠬᠤ ﹀ ﹀ ᠭᠡᠷᠡᠯ ᠵᠢᠷᠤᠭ ᠤᠨ ᠬᠣᠯᠪᠤᠭᠠᠳᠤ ᠤᠷᠤᠯᠳᠤᠭᠠᠨ ᠶᠠᠪᠤᠭᠤᠯᠵᠤ ᠂ 2016 ᠣᠨ ᠳ᠋ᠤ ︿ ︿ ᠳᠣᠮᠳᠠᠳᠤ ᠤᠯᠤᠰ ᠤᠨ ᠭᠡᠷᠡᠯ ᠵᠢᠷᠤᠭ ᠤᠨ ᠰᠣᠨᠢᠨ ﹀ ﹀ ᠲᠠᠢ ᠬᠠᠮᠳᠤᠷᠠᠨ ᠠᠩᠬᠠᠳᠤᠭᠠᠷ ᠬᠣᠭᠣᠴᠠᠭᠠᠨ ᠤ ︿ ︿ ᠠᠮᠢ ᠠᠬᠤᠢ ᠡᠯᠡᠰᠦᠨ ᠴᠦᠯ ﹀ ﹀ ᠨᠠᠢᠮᠠᠨ ᠬᠤᠰᠢᠭᠤᠨ ᠤ ᠪᠦᠬᠦ ᠤᠯᠤᠰ ᠤᠨ ᠭᠡᠷᠡᠯ ᠵᠢᠷᠤᠭ ᠤᠨ ᠶᠡᠬᠡ ᠤᠷᠤᠯᠳᠤᠭᠠᠨ ᠡᠷᠬᠢᠯᠡᠪᠡ ᠃ 2017 ᠣᠨ ᠤ 10 ᠰᠠᠷ᠎ᠠ ᠳ᠋ᠤ ᠬᠣᠶᠠᠳᠤᠭᠠᠷ ᠬᠣᠭᠣᠴᠠᠭᠠᠨ ᠤ ︿ ︿ ᠠᠮᠢ ᠠᠬᠤᠢ ᠡᠯᠡᠰᠦᠨ ᠴᠦᠯ ﹀ ﹀ ᠨᠠᠢᠮᠠᠨ ᠬᠤᠰᠢᠭᠤᠨ ᠤ ᠪᠦᠬᠦ ᠤᠯᠤᠰ ᠤᠨ ᠭᠡᠷᠡᠯ ᠵᠢᠷᠤᠭ ᠤᠨ ᠶᠡᠬᠡ ᠤᠷᠤᠯᠳᠤᠭᠠᠨ ᠶᠠᠪᠤᠭᠤᠯᠵᠤ ᠲᠣᠰ ᠵᠢᠯ ᠦᠨ 10 ᠰᠠᠷ᠎ᠠ ᠶ᠋ᠢᠨ 20-26 ᠦ ᠡᠳᠥᠷ ᠪᠣᠯᠲᠠᠯ᠎ᠠ ᠂ ᠠᠮᠵᠢᠯᠲᠠ ᠲᠠᠢ ᠪᠠᠷ 1000 ᠨᠡᠷᠡᠰ ᠳᠣᠮᠳᠠᠳᠤ ᠭᠠᠳᠠᠭᠠᠳᠤ ᠶ᠋ᠢᠨ ᠭᠡᠷᠡᠯ ᠵᠢᠷᠤᠬᠴᠢᠦᠨ ︿ ︿ ᠨᠠᠢᠮᠠᠨ ᠳ᠋ᠤ ᠵᠣᠭᠠᠴᠠᠨ ᠨᠠᠢᠮᠠᠨ ᠢ ᠰᠡᠭᠦᠳᠡᠷᠯᠡᠬᠦ ﹀ ﹀ ᠶᠡᠬᠡ ᠬᠡᠪᠴᠢᠶᠡᠨ ᠦ ᠠᠵᠢᠯᠯᠠᠭ᠎ᠠ ᠥᠷᠨᠢᠭᠦᠯᠵᠦ ᠂ ᠳᠣᠮᠳᠠᠳᠤ ᠭᠠᠳᠠᠭᠠᠳᠤ ᠶ᠋ᠢᠨ ᠭᠡᠷᠡᠯ ᠵᠢᠷᠤᠬᠴᠢᠦᠨ  ᠦᠨ ᠳᠡᠭᠡᠳᠦ ᠬᠡᠮᠵᠢᠶᠡᠨ ᠦ ᠮᠠᠬᠲᠠᠭᠠᠯ ᠬᠦᠷᠢᠶᠡᠯᠡᠯ ᠢ ᠣᠯᠵᠠᠢ ᠃ ᠨᠠᠢᠮᠠᠨ ᠬᠤᠰᠢᠭᠤᠨ ᠤ ᠭᠡᠷᠡᠯ ᠵᠢᠷᠤᠭ ᠤᠨ ᠨᠡᠶᠢᠭᠡᠮᠯᠢᠭ ᠨᠢ ᠨᠠᠢᠮᠠᠨ ᠨᠤᠲᠤᠭ ᠤᠨ ᠲᠡᠷᠡ ᠣᠯᠠᠨ ᠨᠡᠶᠢᠭᠡᠮᠯᠢᠭ ᠣᠯᠠᠨ ᠲᠦᠮᠡᠨ ᠦ ᠵᠣᠬᠢᠶᠠᠨ ᠪᠠᠶᠢᠭᠤᠯᠤᠯᠲᠠ ᠶ᠋ᠢᠨ ᠳᠣᠳᠤᠷᠠᠬᠢ ᠬᠠᠮᠤᠭ ᠬᠥᠷ ᠬᠥᠭᠵᠢᠶᠡᠨ ᠲᠠᠢ ᠬᠥᠳᠡᠯᠭᠡᠭᠡᠨ ᠠᠵᠢᠯᠯᠠᠭ᠎ᠠ ᠥᠷᠨᠢᠭᠦᠯᠵᠦ ᠪᠠᠶᠢᠭ᠎ᠠ ᠶ᠋ᠢᠨ ᠣᠨᠴᠠᠭᠠᠢ ᠨᠢᠭᠡ ᠨᠢ ᠪᠣᠯᠤᠨ᠎ᠠ ᠃
       ᠣᠯᠠᠨ ᠵᠢᠯ ᠦᠨ ᠴᠦᠬᠦᠷᠡᠰᠢ ᠦᠭᠡᠢ ᠴᠢᠷᠮᠠᠶᠢᠯᠭ᠎ᠠ ᠪᠠᠷ ᠳᠠᠮᠵᠢᠨ ᠂ ᠴᠤᠶᠢᠵᠢ ᠪᠣᠯᠣᠨ ᠲᠡᠭᠦᠨ ᠦ ᠭᠡᠷᠡᠯ ᠵᠢᠷᠤᠭ ᠤᠨ ᠨᠡᠶᠢᠭᠡᠮᠯᠢᠭ ᠡᠯ᠎ᠡ ᠱᠠᠳᠤᠨ ᠤ ᠱᠠᠩᠨᠠᠯ ᠥᠨᠡᠮᠯᠡᠯ ᠢᠷᠠᠭᠤ ᠠᠯᠳᠠᠷ ᠢ ᠣᠯᠠᠨᠲᠠ ᠬᠦᠷᠲᠡᠵᠦ ᠂ ᠤᠶᠢᠷ᠎ᠠ ᠶ᠋ᠢᠨ ᠵᠢᠯ ᠳ᠋ᠦ ᠴᠤᠶᠢᠵᠢ ᠭᠤᠸᠠᠢ ᠵᠠᠯᠭᠠᠪᠡᠷ 5 ᠤᠳᠠᠭ᠎ᠠ ᠪᠦᠬᠦ ᠤᠯᠤᠰ ᠤᠨ ᠭᠡᠷᠡᠯ ᠵᠢᠷᠤᠭ ᠤᠨ ᠤᠷᠤᠯᠳᠤᠭᠠᠨ ᠤ ᠬᠢᠨᠠᠬᠴᠢ ᠶ᠋ᠢᠨ ᠲᠤᠰᠢᠶᠠᠯ ᠭᠦᠢᠴᠡᠦᠨᠬᠡᠵᠦ ᠪᠠᠶᠢᠨ᠎ᠠ ᠃
       ᠴᠤᠶᠢᠵᠢ ᠭᠤᠸᠠᠢ ᠪᠠᠰᠠ ᠨᠠᠢᠮᠠᠨ ᠬᠤᠰᠢᠭᠤᠨ ᠤ ᠵᠣᠭᠠᠴᠠᠯ ᠭᠡᠷᠡᠯ ᠵᠢᠷᠤᠬᠴᠢᠦᠨ ᠤᠨ ᠨᠡᠶᠢᠭᠡᠮᠯᠢᠭ ᠦᠨ ᠲᠡᠷᠢᠭᠦᠯᠡᠭᠴᠢ ᠂ ᠲᠥᠩᠯᠢᠶᠣᠤ ᠬᠣᠲᠠ ᠶ᠋ᠢᠨ ᠭᠡᠷᠡᠯ ᠵᠢᠷᠤᠬᠴᠢᠦᠨ ᠤᠨ ᠨᠡᠶᠢᠭᠡᠮᠯᠢᠭ ᠦᠨ ᠬᠡᠷᠡᠭ ᠡᠷᠬᠢᠯᠡᠭᠴᠢ ᠂ ᠥᠪᠥᠷ ᠮᠤᠩᠭᠤᠯ ᠤᠨ ᠰᠣᠨᠢᠨ ᠮᠡᠳᠡᠭᠡ ᠭᠡᠷᠡᠯ ᠵᠢᠷᠤᠬᠴᠢᠦᠨ ᠤᠨ ᠨᠡᠶᠢᠭᠡᠮᠯᠢᠭ ᠦᠨ ᠬᠡᠰᠢᠭᠦᠨ ᠂ ᠲᠥᠩᠯᠢᠶᠣᠤ ᠬᠣᠲᠠ ᠶ᠋ᠢᠨ ᠵᠣᠭᠠᠴᠠᠯ ᠭᠡᠷᠡᠯ ᠵᠢᠷᠤᠬᠴᠢᠦᠨᠤᠨ ᠨᠡᠶᠢᠭᠡᠮᠯᠢᠭ ᠦᠨ ᠳᠡᠳ᠋ ᠲᠡᠷᠢᠭᠦᠯᠡᠭᠴᠢ ᠂ ᠥᠪᠥᠷ ᠮᠤᠩᠭᠤᠯ ᠤᠨ ᠵᠣᠭᠠᠴᠠᠯ ᠭᠡᠷᠡᠯ  ᠵᠢᠷᠤᠬᠴᠢᠦᠨ ᠤᠨ ᠨᠡᠶᠢᠭᠡᠮᠯᠢᠭ ᠦᠨ ᠬᠡᠰᠢᠭᠦᠨ ᠂ ᠥᠪᠥᠷ ᠮᠤᠩᠭᠤᠯ ᠤᠨ ᠭᠡᠷᠡᠯ ᠵᠢᠷᠤᠬᠴᠢᠦᠨ  ᠦᠨ ᠨᠡᠶᠢᠭᠡᠮᠯᠢᠭ ᠦᠨ ᠬᠡᠰᠢᠭᠦᠨ ᠂ ᠳᠣᠮᠳᠠᠳᠤ ᠤᠯᠤᠰ ᠤᠨ ᠭᠡᠷᠡᠯ ᠵᠢᠷᠤᠬᠴᠢᠦᠨ ᠤᠨ ᠨᠡᠶᠢᠭᠡᠮᠯᠢᠭ ᠦᠨ ᠬᠡᠰᠢᠭᠦᠨ ᠵᠡᠷᠭᠡ ᠠᠯᠢ ᠣᠯᠠᠨ ᠨᠡᠶᠢᠭᠡᠮ ᠦᠨ ᠡᠭᠦᠷᠭᠡ ᠲᠤᠰᠢᠶᠠᠯ ᠬᠠᠷᠢᠭᠤᠴᠠᠵᠤ ᠪᠤᠢ ᠃
ᠭᠡᠷᠡᠯ ᠵᠢᠷᠤᠬᠴᠢᠨ ᠰᠣᠨᠢᠨ ᠮᠡᠳᠡᠭᠡᠨ ᠦ ᠠᠬᠠᠮᠠᠳ ᠠᠵᠢᠯᠲᠠᠨ ᠴᠤᠶᠢᠵᠢᠠᠤᠣᠨᠽᠠᠷ ᠭᠤᠸᠠᠢ ᠶᠠᠭᠤ ᠬᠢᠭᠰᠡᠨ ᠴᠤ ᠰᠡᠭᠦᠲᠡᠷᠯᠡᠬᠦ ᠮᠠᠰᠢᠨ ᠢᠶᠡᠨ ᠪᠡᠶ᠎ᠡ ᠡᠴᠡ ᠪᠡᠨ ᠰᠠᠯᠭᠠᠳᠠᠭ ᠦᠭᠡᠢ ᠠᠪᠴᠤ ᠶᠠᠪᠤᠨ ᠭᠢᠷᠠᠬᠠᠢ ᠬᠠᠷᠠᠴᠠ ᠪᠠᠷ ᠰᠡᠭᠦᠳᠡᠷᠯᠡᠨ ᠠᠮᠵᠢᠳᠠᠭ ᠃ ᠲᠡᠷᠡ ᠪᠡᠷ ︿ ︿ ᠦᠰᠦᠭ ᠪᠢᠴᠢᠭ ᠂ ᠭᠡᠷᠡᠯ ᠵᠢᠷᠤᠭ ᠢᠶᠠᠷ ᠮᠡᠳᠡᠭᠡᠯᠡᠨ ᠤᠬᠠᠭᠤᠯᠬᠤ ᠨᠢ ᠮᠢᠨᠤ ᠵᠠᠶᠢᠯᠠᠭᠤᠯᠵᠤ ᠪᠣᠯᠤᠰᠢ ᠦᠭᠡᠢ ᠡᠭᠦᠷᠭᠡ ᠬᠠᠷᠢᠭᠤᠴᠠᠯᠭ᠎ᠠ ᠪᠣᠯᠤᠨ᠎ᠠ ᠃ ᠤᠳᠤᠷᠢᠳᠤᠯᠭ᠎ᠠ ᠨᠠᠮ᠎ᠠ ᠶ᠋ᠢ ᠢᠲᠡᠭᠡᠵᠦ ᠣᠯᠠᠨ ᠲᠦᠮᠡᠨ ᠨᠠᠮ᠎ᠠ ᠶ᠋ᠢ ᠳᠡᠮᠵᠢᠵᠦ ᠪᠠᠶᠢᠬᠤ ᠪᠣᠯᠬᠤᠷ ᠪᠢ ᠰᠡᠭᠦᠳᠡᠷᠯᠡᠬᠦ ᠮᠠᠰᠢᠨ ᠢᠶᠡᠨ ᠰᠠᠶᠢᠳᠤᠷ ᠠᠣᠨᠬᠤᠨ ᠠᠰᠢᠬᠯᠠᠵᠤ ᠨᠠᠢᠮᠠᠨ ᠤ ᠬᠦᠮᠦᠨ ᠰᠣᠶᠣᠯ ᠢᠶᠡᠨ ᠰᠡᠭᠦᠳᠡᠷᠯᠡᠨ ᠲᠦᠮᠡᠨ ᠳ᠋ᠦ ᠲᠠᠨᠢᠭᠤᠯᠤᠨ ᠲᠡᠦᠬᠡᠨ ᠳ᠋ᠦ ᠮᠥᠩᠬᠡᠯᠡᠨ᠎ᠡ ﹀ ﹀ ᠭᠡᠵᠦ ᠣᠮᠣᠭ ᠲᠡᠭᠦᠯᠳᠡᠷ ᠬᠡᠯᠡᠨ᠎ᠡ ᠪᠢᠯᠡ ᠃
 
                                             ᠯᠢ ᠪᠤᠶᠠᠨᠴᠤᠬᠯᠠ
ᠢᠷᠡᠯᠳᠡ᠄ ᠨᠠᠶᠢᠷᠠᠭᠤᠯᠤᠭᠴᠢ᠄ ᠳᠤᠯᠠᠭᠠᠨ