ᠭᠤᠶᠢᠳᠠ ᠰᠠᠶᠢᠬᠠᠨ ᠤᠶᠢᠯᠠᠯᠭ᠎ᠠ ᠨᠣᠮ -- ᠭᠤᠷᠪᠠᠨᠬᠤᠸᠠ ﹀ ﹀

ᠣᠩᠰᠢᠭᠰᠠᠨ ᠤᠳᠠᠭ᠎ᠠ ᠄ 7081     ᠨᠡᠶᠢᠳᠡᠯᠡᠭᠰᠡᠨ ᠴᠠᠭ ᠄ 2018/10/3 10:12:50

       ᠨᠠᠢᠮᠠᠨ ᠬᠤᠰᠢᠭᠤᠨ ᠤ ᠰᠣᠶᠣᠯ ᠤᠨ ᠭᠡᠷ ᠦᠨ ᠬᠠᠩᠳᠠᠭᠤᠣᠨ ᠤᠰᠤᠨᠪᠣᠳᠤᠭ ᠪᠣᠯᠣᠨ ᠭᠣ‍ ᠂ ᠬᠦᠰᠡᠯᠲᠦ ᠶ᠋ᠢᠨ ᠭᠣᠤᠯᠯᠠᠨ ᠨᠠᠶᠢᠷᠠᠭᠤᠯᠤᠬᠰᠠᠨ ︿ ︿ ᠭᠤᠷᠪᠠᠨᠬᠤᠸᠠ ﹀ ﹀ ᠨᠣᠮ ᠨᠢ ᠥᠪᠥᠷ ᠮᠤᠩᠭᠤᠯ ᠤᠨ ᠠᠷᠠᠳ ᠤᠨ ᠬᠡᠪᠯᠡᠯ ᠦᠨ ᠬᠣᠷᠢᠶᠠᠨ ᠡᠴᠠ ᠬᠡᠪᠯᠡᠭᠳᠡᠨ ᠲᠠᠷᠬᠠᠬᠳᠠᠵᠤ ᠬᠡᠳᠦᠨ ᠵᠢᠯ ᠪᠣᠯᠵᠤ ᠬᠦᠮᠦᠰ ᠦᠨ ᠠᠩᠬᠠᠷᠤᠯ ᠲᠠᠭᠠᠰᠢᠶᠠᠯ ᠳ᠋ᠦ ᠶᠡᠬᠡᠬᠡᠨ ᠬᠦᠷᠴᠦ ᠪᠤᠢ ᠃
       ᠲᠣᠰ ᠨᠣᠮ ᠪᠣᠯ ᠰᠤᠮᠤᠨ ᠳᠡᠰ ᠦᠨ ᠰᠣᠳᠣᠨ ᠰᠠᠶᠢᠬᠠᠨ ᠤᠶᠢᠯᠠᠯᠭ᠎ᠠ ᠪᠠᠶᠢᠵᠤ ᠭᠤᠷᠪᠠᠨᠬᠤᠸᠠ ᠨᠤᠲᠤᠭ ᠤᠨ ᠦᠨᠡᠨ ᠪᠤᠳᠠᠲᠠᠢ ᠲᠡᠦᠬᠡᠨ ᠲᠡᠮᠳᠡᠭᠯᠡᠯ ᠪᠠᠶᠢᠭ᠎ᠠ ᠶᠤᠮ ᠃ ᠲᠣᠰ ᠨᠣᠮ ᠳ᠋ᠦ ᠭᠣᠤᠯᠳᠠᠭᠤ ᠭᠤᠷᠪᠠᠨᠬᠤᠸᠠ ᠰᠤᠮᠤ ᠶ᠋ᠢᠨ ᠤᠶᠢᠷ᠎ᠠ ᠣᠳᠤ ᠦᠶ᠎ᠡ ᠶ᠋ᠢᠨ ᠲᠡᠦᠬᠡ ᠂ ᠵᠠᠰᠠᠭ ᠵᠠᠬᠢᠷᠭᠠᠨ ᠤ ᠬᠤᠪᠢᠰᠤᠯ ᠂ ᠵᠣᠬᠢᠶᠠᠨ ᠪᠠᠶᠢᠭᠤᠯᠤᠯᠲᠠ ᠶ᠋ᠢᠨ ᠤᠯᠠᠷᠢᠯ ᠂ ᠪᠠᠶᠢᠭᠠᠯᠢ ᠣᠷᠴᠢᠨ ᠠᠬᠤᠢ ᠂ ᠬᠦᠳᠡᠭᠡ ᠠᠵᠤ ᠠᠬᠤᠢ ᠂ ᠰᠣᠶᠣᠯ ᠰᠤᠷᠭᠠᠨ ᠬᠦᠮᠦᠵᠢᠯ ᠂ ᠠᠷᠠᠳ ᠤᠨ ᠳᠠᠭᠣᠤ ᠂ ᠦᠯᠢᠭᠡᠷ ᠳᠣᠮᠣᠭ ᠂ ᠨᠡᠷ᠎ᠡ ᠴᠣᠤᠳᠤ ᠬᠦᠮᠦᠰ ᠵᠢᠴᠢ ᠭᠤᠷᠪᠠᠨᠬᠤᠸᠠ ᠪᠠᠷ ᠰᠡᠳᠦᠪᠯᠡᠭᠰᠡᠨ ᠤᠷᠠᠨ ᠵᠣᠬᠢᠶᠠᠯ ᠤᠨ ᠪᠦᠳᠦᠭᠡᠯ ᠵᠡᠷᠭᠡ ᠣᠯᠠᠨ ᠬᠠᠷᠠᠭᠠᠰᠤ ᠡᠴᠠ ᠦᠨᠡᠨ ᠢ ᠪᠠᠷᠢᠮᠲᠠᠯᠠᠨ ᠲᠡᠦᠬᠡ ᠶ᠋ᠢ ᠨᠢ ᠲᠣᠳᠤᠷᠠᠭᠤᠯᠵᠤ ᠰᠣᠶᠣᠯ ᠢ ᠨᠢ ᠠᠭᠤᠳᠠᠯᠠᠬᠰᠠᠨ ᠰᠣᠳᠣᠨ ᠰᠠᠶᠢᠬᠠᠨ ᠨᠣᠮ ᠪᠠᠶᠢᠵᠤ ᠂ ᠥᠷᠭᠡᠨ ᠣᠯᠠᠨ ᠤᠩᠰᠢᠬᠴᠢᠤᠨ ᠤᠨ ᠭᠤᠷᠪᠠᠨᠬᠤᠸᠠ ᠶ᠋ᠢ ᠲᠠᠨᠢᠵᠤ ᠤᠶᠢᠯᠠᠭᠠᠬᠤ ᠳ᠋ᠦ ᠭᠡᠭᠡᠪᠴᠢ ᠪᠣᠯᠤᠬᠰᠠᠨ ᠪᠠᠶᠢᠭ᠎ᠠ ᠃ ᠮᠦᠨ ᠴᠤ ᠬᠦᠮᠦᠰ ᠦᠨ ᠰᠡᠦᠨᠬᠢᠯ ᠵᠢᠷᠦᠬᠡ ᠶ᠋ᠢ ᠬᠣᠯᠪᠣᠵᠤ ᠬᠦᠴᠦᠨ ᠴᠢᠳᠠᠯ ᠢ ᠨᠢᠬᠲᠠᠷᠠᠭᠤᠯᠵᠤ ᠂ ᠵᠣᠷᠢᠭ ᠰᠠᠨᠠᠭ᠎ᠠ ᠶ᠋ᠢ ᠨᠢ ᠬᠥᠪᠴᠢᠯᠡᠬᠦ ᠬᠦᠭᠦᠷᠭᠡ ᠪᠣᠯᠬᠤ ᠮᠦᠷᠳᠡᠭᠡᠨ ᠭᠤᠷᠪᠠᠨᠬᠤᠸᠠ ᠰᠤᠮᠤ ᠶ᠋ᠢᠨ ᠬᠤᠶᠠᠷ ᠪᠣᠯᠪᠠᠰᠤᠨ ᠤ ᠪᠠᠶᠢᠭᠤᠯᠤᠯᠲᠠ ᠶ᠋ᠢᠨ ᠰᠢᠨ᠎ᠡ ᠰᠣᠷᠭᠣᠭ ᠨᠢᠭᠡᠨ ᠪᠣᠳᠠ ᠴᠡᠴᠡᠭ ᠪᠣᠯᠬᠤ ᠶᠤᠮ ᠃ ᠠᠣᠨᠬᠤᠨ ᠠᠪᠴᠤ ᠤᠩᠰᠢᠨ ᠰᠣᠨᠢᠷᠬᠠᠬᠤᠶ᠎ᠠ ᠨᠡᠬᠡᠷᠡᠨ ᠭᠣᠴᠣ ᠰᠠᠶᠢᠬᠠᠨ ᠲᠡᠦᠬᠡᠨ ᠮᠠᠲ᠋ᠸᠷᠢᠶᠠᠯ ᠭᠤᠶᠢᠳᠠ ᠰᠠᠶᠢᠬᠠᠨ ᠤᠶᠢᠯᠠᠯᠭ᠎ᠠ ᠨᠣᠮ ᠪᠣᠯᠵᠤ ᠰᠡᠷᠡᠯ ᠢ ᠢᠨᠦ ᠳᠥᠷᠡᠯᠵᠢᠭᠦᠯᠵᠦ ᠰᠡᠦᠨᠬᠢᠯ ᠢ ᠢᠨᠦ ᠬᠥᠭᠰᠡᠭᠡᠬᠦ ᠠᠵᠢ ᠃ ᠦᠯᠢᠭᠡᠷ ᠲᠡᠦᠬᠡ ᠪᠡᠨ ᠲᠡᠮᠳᠡᠭᠯᠡᠵᠦ ᠥᠪ ᠰᠣᠶᠣᠯ ᠢᠶᠡᠨ ᠨᠠᠨᠲᠢᠩᠨᠠᠨ ᠦᠶ᠎ᠡ ᠶ᠋ᠢᠨ ᠦᠶ᠎ᠡ ᠳ᠋ᠡᠬᠡᠨ ᠣᠯᠠᠮᠵᠢᠯᠠᠵᠤ ᠶᠠᠪᠣᠬᠤ ᠨᠢ ᠮᠤᠩᠭᠤᠯᠴᠣᠤᠨ ᠤᠨ ᠰᠢᠯᠢᠳᠡᠭ ᠰᠣᠷᠲᠠᠯ ᠮᠠᠯᠴᠢᠨ ᠲᠦᠮᠡᠨ ᠦ ᠮᠥᠩᠬᠡ ᠶ᠋ᠢᠨ ᠬᠦᠰᠡᠯ ᠪᠠᠶᠢᠭ᠎ᠠ ᠶᠤᠮ ᠃
       ᠭᠤᠷᠪᠠᠨᠬᠤᠸᠠ ᠰᠤᠮᠤ ᠶ᠋ᠢᠨ ᠣᠳᠤᠬᠠᠨ ᠤ ᠨᠤᠲᠤᠭ ᠲᠦ ᠤᠷᠢᠳ ᠬᠣᠵᠢᠳ ᠳ᠋ᠦᠩᠬᠤ ᠂ ᠰᠢᠶᠠᠨᠪᠸᠢ ᠂ ᠦᠬᠤᠸᠠᠨ ᠂ ᠭᠢᠳᠠᠨ ᠬᠦᠮᠦᠨ ᠠᠮᠢᠳᠤᠷᠠᠵᠤ ᠢᠷᠡᠵᠡᠢ ᠃ ᠠᠷᠪᠠᠨ ᠭᠤᠷᠪᠠᠳᠤᠭᠠᠷ ᠵᠠᠭᠤᠨ ᠤ ᠡᠬᠢᠨ ᠡᠴᠡ ᠶᠡᠬᠡ ᠮᠤᠩᠭᠤᠯ ᠬᠠᠭᠠᠨᠳᠤ ᠲᠥᠷᠥ ᠶ᠋ᠢᠨ ᠬᠠᠷᠢᠶᠠᠨ ᠳ᠋ᠦ ᠣᠷᠣᠵᠤ ᠂ ᠣᠮᠠᠷᠠᠳᠤ ᠶᠤᠸᠠᠨ ᠤᠯᠤᠰ ᠤᠨ ᠦᠶ᠎ᠡ ᠳ᠋ᠦ ᠴᠠᠬᠠᠷ ᠨᠠᠢᠮᠠᠨ ᠣᠳᠤᠭ ᠤᠨ ᠨᠢᠭᠡᠨ ᠪᠣᠯᠬᠤ ᠨᠠᠢᠮᠠᠨ ᠠᠶᠢᠮᠠᠭ ᠤᠨ ᠮᠤᠩᠭᠤᠯ ᠶᠠᠰᠤᠲᠠᠳ ᠡᠵᠡᠯᠡᠭᠰᠡᠨ ᠪᠠᠶᠢᠪᠠ ᠃ 1627 ᠣᠨ ᠡᠴᠠ ᠮᠠᠨᠵᠤ ᠶ᠋ᠢᠨ ᠬᠠᠷᠢᠶᠠᠨ ᠳ᠋ᠦ ᠣᠷᠤᠵᠤ ᠂ 1636 ᠣᠨ ᠳ᠋ᠦ ᠨᠠᠢᠮᠠᠨ ᠬᠤᠰᠢᠭᠤ ᠭᠡᠵᠦ ᠨᠡᠷᠡᠶᠢᠳᠦᠭᠳᠡᠬᠦ ᠪᠡᠷ ᠬᠠᠷᠢᠶᠠᠨ ᠤ ᠨᠢᠭᠡᠨ ᠰᠤᠮᠤ ᠪᠣᠯᠪᠠ ᠃ ᠢᠷᠭᠡᠨ ᠤᠯᠤᠰ ᠤᠨ ᠦᠶ᠎ᠡ ᠳ᠋ᠦ ᠨᠠᠢᠮᠠᠨ ᠬᠤᠰᠢᠭᠤ ᠨᠤᠲᠤᠭ ᠤᠨ ᠵᠠᠬᠢᠷᠭ᠎ᠠ ᠬᠣᠪᠢᠶᠠᠬᠤ ᠳ᠋ᠦ ᠭᠣᠷᠪᠠᠨᠬᠤᠸᠠ ᠲᠣᠯᠤᠳᠤᠭᠠᠷ ᠨᠤᠲᠤᠭ ᠪᠣᠯᠵᠠᠢ ᠃ 1958 ᠣᠨ ᠳ᠋ᠦ ᠠᠷᠠᠳ ᠤᠨ ᠨᠢᠭᠡᠳᠦᠯ ᠪᠠᠶᠢᠭᠤᠯᠤᠬᠳᠠᠵᠤ ᠭᠤᠷᠪᠠᠨᠬᠤᠸᠠ ᠨᠢᠭᠡᠳᠦᠯ ᠪᠣᠯᠵᠤ 1984 ᠣᠨ ᠳ᠋ᠦ ᠰᠤᠮᠤ ᠪᠣᠯᠵᠠᠢ ᠃ ᠪᠦᠬᠦ ᠰᠤᠮᠤ ᠶ᠋ᠢᠨ ᠲᠠᠯᠠᠪᠠᠢ ᠨᠢ 123 ᠲᠦᠮᠡᠨ ᠮᠦ ᠪᠠᠶᠢᠵᠤ ᠣᠳᠣᠬᠠᠨ ᠳ᠋ᠦ 22 ᠵᠠᠰᠠᠭ ᠵᠠᠬᠢᠷᠭᠠᠨ ᠤ ᠭᠠᠴᠠᠭ᠎ᠠ 40 ᠪᠠᠶᠢᠭᠠᠯᠢᠯᠢᠭ ᠲᠣᠰᠬᠤᠨ ᠲᠠᠢ ᠂ 3500 ᠡᠷᠦᠬᠡ 14000 ᠬᠦᠮᠦᠨ ᠠᠮᠠ ᠲᠠᠢ ᠂ ᠮᠤᠩᠭᠤᠯ ᠦᠨᠳᠦᠰᠦᠲᠡᠨ ᠵᠠᠭᠤᠨ ᠤ ᠶᠢᠷᠡᠨ ᠭᠤᠷᠪᠠ ᠶ᠋ᠢ ᠡᠵᠡᠯᠡᠵᠦ ᠬᠢᠲᠠᠳ ᠂ ᠮᠠᠨᠵᠤ ᠂ ᠬᠣᠲᠤᠩ ᠵᠡᠷᠭᠡ ᠦᠨᠳᠦᠰᠦᠲᠡᠨ ᠡᠶ᠎ᠡ ᠵᠣᠬᠢᠴᠠᠯ ᠲᠠᠢ ᠠᠮᠢᠳᠤᠷᠠᠵᠤ ᠪᠦᠬᠦᠢ ᠵᠢᠷᠭᠠᠯ  ᠴᠡᠩᠬᠡᠯᠲᠦ ᠠᠮᠤᠭᠤᠯᠠᠩ ᠣᠷᠣᠨ ᠪᠠᠶᠢᠭ᠎ᠠ ᠶᠤᠮ ᠃
       ᠭᠤᠷᠪᠠᠨᠬᠤᠸᠠ ᠰᠤᠮᠤ ᠨᠢ ᠨᠠᠢᠮᠠᠨ ᠬᠤᠰᠢᠭᠤᠨ ᠤ ᠵᠡᠭᠦᠨ ᠡᠮᠦᠨ᠎ᠡ ᠬᠡᠰᠡᠭ ᠲᠠᠬᠢ ᠡᠯᠡᠰᠦ ᠮᠠᠩᠬᠠᠨ ᠳ᠋ᠦ ᠪᠠᠶᠢᠷᠢᠰᠢᠵᠦ ᠰᠤᠮᠤᠨ ᠤ ᠰᠠᠭᠤᠭ᠎ᠠ ᠭᠠᠵᠠᠷ ᠨᠢ ᠬᠡᠭᠡᠷ ᠮᠣᠷᠢ ᠪᠠᠶᠠᠨᠲᠠᠯ᠎ᠠ ᠳ᠋ᠦ ᠪᠠᠶᠢᠳᠠᠭ ᠃  ᠭᠤᠷᠪᠠᠨᠬᠤᠸᠠ ᠰᠤᠮᠤ ᠨᠢ ᠪᠠᠶᠠᠨᠲᠠᠯ᠎ᠠ ᠭᠠᠴᠠᠭᠠᠨ ᠤ ᠠᠷᠤ ᠶ᠋ᠢᠨ ᠠᠶᠢᠯ ᠪᠣᠯᠬᠤ ᠭᠤᠷᠪᠠᠨᠬᠤᠸᠠ ᠭᠠᠴᠠᠭ᠎ᠠ ᠶ᠋ᠢᠨ ᠨᠡᠷ᠎ᠡ ᠪᠡᠷ ᠰᠤᠮᠤᠨ ᠤ ᠪᠠᠨ ᠨᠡᠷᠡᠶᠢᠳᠦᠯ ᠪᠣᠯᠭᠠᠬᠰᠠᠨ ᠪᠠᠶᠢᠵᠠᠢ ᠃ ᠤᠷᠢᠳᠤ ᠳ᠋ᠦ ᠭᠤᠷᠪᠠᠨᠬᠤᠸᠠ ᠠᠶᠢᠯ ᠨᠢ ᠥᠷᠭᠡᠨ ᠠᠭᠤᠳᠠᠮ ᠲᠠᠯ᠎ᠠ ᠭᠠᠵᠠᠷ ᠪᠠᠶᠢᠵᠤ ᠂ ᠲᠠᠯ᠎ᠠ ᠶ᠋ᠢᠨ ᠵᠡᠭᠦᠨ ᠵᠠᠬ᠎ᠠ ᠳ᠋ᠦ ᠶᠡᠬᠡ ᠪᠠᠭ᠎ᠠ ᠨᠢ ᠠᠳᠠᠯᠢᠪᠲᠤᠷ ᠭᠤᠷᠪᠠᠨ ᠡᠯᠡᠰᠦᠨ ᠳᠣᠪᠣᠴᠠᠭ ᠪᠠᠶᠢᠵᠤ ᠲᠣᠰ ᠲᠣᠰ ᠪᠣᠮᠪᠣᠭᠤᠷ ᠬᠤᠸᠠ ᠂ ᠲᠡᠰᠭᠢ ᠬᠤᠸᠠ ᠂ ᠬᠠᠷ᠎ᠠ ᠬᠤᠸᠠ ᠭᠡᠵᠦ ᠲᠡᠶᠢᠨᠬᠦ ᠲᠣᠰ ᠭᠠᠵᠠᠷ ᠢ ︿ ︿ ᠭᠤᠷᠪᠠᠨᠬᠤᠸᠠ ﹀ ﹀ ᠭᠡᠵᠦ ᠨᠡᠷᠡᠯᠡᠭᠰᠡᠨ ᠭᠡᠨ᠎ᠡ ᠃
 ︿ ︿ ᠭᠣᠷᠪᠠᠨᠬᠤᠸᠠ ﹀ ﹀ ᠨᠣᠮ ᠪᠣᠯ ᠭᠤᠷᠪᠠᠨᠬᠤᠸᠠ ᠰᠤᠮᠤ ᠶ᠋ᠢᠨ ᠲᠣᠬᠠᠢ ᠨᠡᠯᠢᠶᠡᠳ ᠨᠠᠷᠢᠨ ᠨᠢᠮᠪᠠᠢ ᠂ ᠪᠦᠷᠢᠨ ᠭᠦᠢᠴᠡᠳ ᠡᠮᠬᠢᠦᠨᠬᠡᠨ ᠨᠠᠶᠢᠷᠠᠭᠤᠯᠤᠬᠰᠠᠨ ᠤᠩᠰᠢᠯᠲᠠᠢ ᠂ ᠰᠣᠨᠢᠷᠬᠠᠯᠲᠠᠢ ᠂ ᠠᠰᠢᠬᠯᠠᠭᠤᠰᠢᠲᠠᠢ ᠂ ᠬᠠᠳᠠᠭᠠᠯᠠᠭᠤᠰᠢᠲᠠᠢ  ᠂ ᠦᠵᠡᠮᠵᠢᠲᠡᠢ ᠰᠠᠶᠢᠬᠠᠨ ᠦᠨᠡᠳᠦ ᠨᠣᠮ ᠪᠠᠶᠢᠭ᠎ᠠ ᠶᠤᠮ ᠃
                                                ᠯᠢ ᠪᠤᠶᠠᠨᠴᠤᠬᠯᠠ
ᠢᠷᠡᠯᠳᠡ᠄ ᠨᠠᠶᠢᠷᠠᠭᠤᠯᠤᠭᠴᠢ᠄ ᠲᠤᠯᠠᠭᠠᠨ