ᠨᠠᠢᠮᠠᠨ ᠬᠤᠰᠢᠭᠤᠨ ᠤ ᠳᠣᠳᠤᠭᠠᠳᠤ ᠶ᠋ᠢ ᠬᠠᠮᠠᠭᠠᠯᠠᠬᠤ ᠲᠣᠪᠴᠢᠶ᠎ᠠ ᠰᠤᠷᠭᠠᠭᠤᠯᠢᠯᠠᠯ ᠢ ᠬᠦᠨᠳᠦᠦᠨᠬᠡᠨ ᠪᠣᠯᠪᠠᠰᠤᠷᠠᠯ ᠢ ᠴᠢᠩᠭᠠᠣᠨᠬᠠᠵᠤ ᠴᠠᠬᠳᠠᠭᠠᠨ ᠡᠩᠨᠡᠭᠡ ᠶ᠋ᠢᠨ ᠬᠡᠪ ᠴᠢᠨᠠᠷ ᠢ ᠶᠡᠬᠡᠪᠡᠷ ᠳᠡᠭᠡᠭᠰᠢᠯᠡᠭᠦᠯᠵᠦ ᠪᠠᠶᠢᠨ᠎ᠠ
ᠣᠩᠰᠢᠭᠰᠠᠨ ᠤᠳᠠᠭ᠎ᠠ ᠄ 7042
ᠨᠡᠶᠢᠳᠡᠯᠡᠭᠰᠡᠨ ᠴᠠᠭ ᠄ 2018/10/2 9:03:07
ᠨᠠᠢᠮᠠᠨ ᠬᠤᠰᠢᠭᠤᠨ ᠤ ᠳᠣᠳᠤᠭᠠᠳᠤ ᠶ᠋ᠢ ᠬᠠᠮᠠᠭᠠᠯᠠᠬᠤ ᠲᠣᠪᠴᠢᠶ᠎ᠠ ᠰᠤᠷᠭᠠᠭᠤᠯᠢᠯᠠᠯ ᠢ ᠬᠦᠨᠳᠦᠦᠨᠬᠡᠨ ᠪᠣᠯᠪᠠᠰᠤᠷᠠᠯ ᠢ ᠴᠢᠩᠭ᠎ᠠ ᠠᠣᠨᠬᠤᠨ ᠂ ᠴᠠᠬᠳᠠᠭᠠᠨ ᠡᠩᠨᠡᠭᠡᠨ ᠦ ᠬᠡᠪ ᠴᠢᠨᠠᠷ ᠢ ᠳᠡᠭᠡᠭᠰᠢᠯᠡᠭᠦᠯᠬᠦ ᠪᠡᠷ ᠭᠣᠤᠯᠳᠠᠯᠭ᠎ᠠ ᠪᠣᠯᠭᠠᠨ ᠪᠦᠬᠦ ᠲᠠᠯ᠎ᠠ ᠪᠠᠷ ᠣᠯᠠᠨ ᠳᠡᠭᠲᠡᠷ ᠢᠶ᠋ᠡᠷ ᠨᠠᠮ ᠤᠨ ᠬᠡᠰᠢᠭᠦᠨ ᠴᠠᠬᠳᠠᠭ᠎ᠠ ᠨᠠᠷ ᠢ ᠪᠣᠯᠪᠠᠰᠤᠷᠠᠭᠤᠯᠬᠤ ᠠᠵᠢᠯᠯᠠᠭᠠᠨ ᠢ ᠢᠳᠡᠪᠬᠢᠲᠡᠢ ᠥᠷᠨᠢᠭᠦᠯᠦᠨ ᠨᠠᠮ ᠤᠨ ᠬᠡᠰᠢᠭᠦᠨ ᠠᠷᠠᠳ ᠤᠨ ᠴᠠᠬᠳᠠᠭᠠᠨ ᠤ ᠤᠯᠤᠰ ᠲᠥᠷᠥ ᠣᠨᠣᠯ ᠪᠣᠯᠣᠨ ᠲᠤᠰᠢᠶᠠᠯ ᠢᠶᠡᠨ ᠭᠦᠢᠴᠡᠦᠨᠬᠡᠬᠦ ᠴᠢᠳᠠᠪᠤᠷᠢ ᠶ᠋ᠢᠨ ᠬᠢᠷᠢ ᠲᠥᠪᠰᠢᠨ ᠢ ᠳᠠᠰᠤᠷᠠᠯᠲᠠ ᠦᠭᠡᠢ ᠳᠡᠭᠡᠭᠰᠢᠯᠡᠭᠦᠯᠵᠦ ᠪᠠᠶᠢᠨ᠎ᠠ ᠃ ᠲᠣᠰ ᠲᠣᠪᠴᠢᠶ᠎ᠠ 7 ᠵᠢᠯ ᠳᠠᠷᠠᠭᠠᠯᠠᠨ ᠲᠥᠩᠯᠢᠶᠣᠤ ᠬᠣᠲᠠ ᠶ᠋ᠢᠨ ᠳᠣᠳᠤᠭᠠᠳᠤ ᠶ᠋ᠢ ᠬᠠᠮᠠᠭᠠᠯᠠᠬᠤ ᠲᠣᠪᠴᠢᠶᠠᠨ ᠤ ᠰᠤᠷᠭᠠᠨ ᠬᠦᠮᠦᠵᠢᠯ ᠪᠣᠯᠪᠠᠰᠤᠷᠠᠯ ᠰᠣᠷᠢᠯᠲᠠ ᠶ᠋ᠢᠨ ᠲᠡᠷᠢᠭᠦᠨ ᠦ ᠨᠢᠭᠡᠴᠡ ᠪᠡᠷ ᠦᠨᠡᠯᠡᠭᠳᠡᠵᠦ ᠂ ᠥᠪᠡᠷᠲᠡᠭᠡᠨ ᠵᠠᠰᠠᠬᠤ ᠣᠷᠣᠨ ᠤ ᠳᠣᠳᠤᠭᠠᠳᠤ ᠶ᠋ᠢ ᠬᠠᠮᠠᠭᠠᠯᠠᠬᠤ ᠲᠢᠩᠬᠢᠮ ᠦᠨ ᠰᠤᠷᠭᠠᠨ ᠬᠦᠮᠦᠵᠢᠯ ᠪᠣᠯᠪᠠᠰᠤᠷᠠᠯ ᠰᠣᠷᠢᠯᠲᠠ ᠶ᠋ᠢᠨ ᠲᠡᠷᠢᠭᠦᠨ ᠦ ᠬᠠᠮᠳᠤ ᠶ᠋ᠢᠨ ᠢᠷᠠᠭᠤ ᠠᠯᠳᠠᠷᠳᠤ ᠴᠣᠯᠠ ᠬᠦᠷᠲᠡᠵᠡᠢ ᠃ ᠳᠣᠳᠤᠭᠠᠳᠤ ᠶ᠋ᠢ ᠬᠠᠮᠠᠭᠠᠯᠠᠬᠤ ᠳᠡᠭᠡᠳᠦ ᠰᠤᠷᠭᠠᠭᠤᠯᠢ ᠶ᠋ᠢᠨ ᠫᠷᠣᠹᠧᠰᠰᠣᠷ ᠂ ᠨᠠᠮ ᠤᠨ ᠰᠤᠷᠭᠠᠭᠤᠯᠢ ᠶ᠋ᠢᠨ ᠨᠡᠷᠡᠲᠦ ᠯᠸᠺᠲ᠋ᠤᠷ ᠂ ᠨᠠᠮ ᠤᠨ ᠡᠭᠦᠷ ᠦᠨ ᠱᠦᠵᠢ ᠶ᠋ᠢ ᠤᠷᠢᠵᠤ ᠬᠢᠴᠢᠶᠡᠯ ᠣᠷᠤᠭᠤᠯᠤᠨ ᠨᠠᠮ ᠤᠨ ᠴᠢᠭᠯᠡᠯᠲᠡ ᠲᠥᠷᠥ ᠶ᠋ᠢᠨ ᠪᠣᠳᠤᠯᠭ᠎ᠠ ᠶ᠋ᠢ ᠲᠠᠶᠢᠯᠪᠤᠷᠢᠯᠠᠭᠤᠯᠬᠤ ᠂ ᠰᠡᠦᠨᠬᠢᠴᠡ ᠤᠶᠢᠯᠠᠭᠠᠬᠳᠠᠬᠤᠨ ᠢ ᠨᠢ ᠥᠷᠭᠡᠦᠨᠬᠡᠬᠦ ᠂ ᠨᠢᠳᠦᠨ ᠬᠠᠷᠠᠭ᠎ᠠ ᠶ᠋ᠢ ᠨᠢ ᠲᠡᠯᠡᠬᠦ ᠂ ᠶᠡᠷᠦᠩᠬᠡᠶᠢᠯᠡᠭᠰᠡᠨ ᠴᠢᠳᠠᠪᠤᠷᠢ ᠶ᠋ᠢ ᠨᠢ ᠨᠡᠮᠡᠭᠳᠡᠭᠦᠯᠬᠦ ︿ ︿ ᠶᠡᠬᠡ ᠬᠢᠴᠢᠶᠡᠯ ᠦᠨ ᠲᠠᠩᠬᠢᠮ ﹀ ﹀ ᠨᠢ ᠲᠥᠩᠯᠢᠶᠣᠤ ᠬᠣᠲᠠ ᠶ᠋ᠢᠨ ᠲᠥᠷᠦᠭᠦᠦ ᠪᠦᠯᠦᠭ ︿ ︿ ᠲᠠᠪᠤᠨ ᠣᠳᠤᠨ ᠲᠡᠰ ᠦᠨ ᠬᠢᠴᠢᠶᠡᠯ ᠦᠨ ᠲᠠᠩᠬᠢᠮ ﹀ ﹀ ᠢᠶ᠋ᠡᠷ ᠥᠨᠡᠯᠡᠭᠳᠡᠵᠡᠢ ᠃ ︿ ︿ ᠶᠡᠬᠡ ᠰᠤᠷᠤᠯᠴᠠᠯᠭ᠎ᠠ ᠶᠡᠬᠡ ᠳᠡᠭᠡᠭᠰᠢᠯᠡᠯᠲᠡ ﹀ ﹀ ᠶ᠋ᠢᠨ ᠠᠵᠢᠯᠯᠠᠭᠠᠨ ᠳ᠋ᠤ ᠲᠥᠰᠢᠭᠯᠡᠨ ︿ ︿ ᠡᠭᠡᠯᠵᠢᠯᠡᠨ ᠵᠢᠵᠢᠭᠦᠷᠯᠡᠵᠦ ᠡᠭᠡᠯᠵᠢᠯᠡᠨ ᠪᠣᠯᠪᠠᠰᠤᠷᠠᠬᠤ ᠂ ᠪᠠᠶᠢᠯᠳᠤᠭᠠᠨ ᠪᠣᠯᠪᠠᠰᠤᠷᠠᠯ ᠢ ᠨᠢᠭᠡᠦᠨᠬᠡᠬᠦ ﹀ ﹀ ᠶᠡᠬᠡ ᠪᠣᠯᠪᠠᠰᠤᠷᠠᠭᠤᠯᠤᠯᠲᠠ ᠶ᠋ᠢ ᠪᠠᠶᠢᠩᠭᠤᠵᠢᠭᠤᠯᠵᠤ ᠂ ︿ ︿ ᠴᠢᠣᠨᠬᠤᠮᠠᠯ ᠪᠠᠮᠪᠠᠢ ᠶ᠋ᠢᠨ ᠢᠨᠵᠸᠨ᠋ᠸᠷᠢᠩ ﹀ ﹀ ᠂ ︿ ︿ ᠬᠤᠷᠴᠠ ᠮᠡᠰᠡ ᠶ᠋ᠢᠨ ᠢᠨᠵᠸᠨ᠋ᠸᠷᠢᠩ ﹀ ﹀ ᠵᠡᠷᠭᠡ ᠪᠣᠯᠪᠠᠰᠤᠷᠠᠯ ᠤᠨ ᠠᠵᠢᠯᠯᠠᠭᠠᠨ ᠢ ᠥᠷᠨᠢᠭᠦᠯᠵᠦ ᠂ ᠴᠠᠬᠳᠠᠭ᠎ᠠ ᠶ᠋ᠢᠨ ᠡᠩᠨᠡᠭᠡᠨ ᠦ ᠬᠡᠪ ᠴᠢᠨᠠᠷ ᠢ ᠶᠡᠬᠡᠪᠡᠷ ᠳᠡᠭᠡᠭᠰᠢᠯᠡᠭᠦᠯᠵᠦ ᠪᠠᠶᠢᠨ᠎ᠠ ᠃ ᠵᠠᠭᠤᠨ ᠨᠡᠷᠡᠰ ᠲᠣᠬᠠᠶᠢᠯᠠᠬᠰᠠᠨ ᠠᠵᠢᠯ ᠤᠨ ᠨᠢᠷᠤᠭᠤᠪᠴᠢ ᠬᠦᠴᠦᠨ ᠢ ᠰᠤᠩᠭᠤᠨ ᠲᠣᠮᠢᠯᠠᠵᠤ ᠤᠷᠤᠬᠰᠢᠯᠠᠬᠰᠠᠨ ᠲᠡᠷᠢᠭᠦᠨ ᠦ ᠭᠠᠵᠠᠷ ᠣᠷᠣᠨ ᠳ᠋ᠤ ᠣᠴᠢᠭᠤᠯᠤᠨ ᠰᠤᠷᠤᠯᠴᠠᠭᠤᠯᠵᠤ ᠂ ᠨᠠᠮ ᠤᠨ ᠬᠡᠰᠢᠭᠦᠨ ᠴᠠᠬᠳᠠᠭᠠᠨ ᠤ ᠴᠢᠳᠠᠪᠤᠷᠢ ᠶ᠋ᠢᠨ ᠬᠡᠪ ᠴᠢᠨᠠᠷ ᠢ ᠳᠡᠭᠡᠭᠰᠢᠯᠡᠭᠦᠯᠵᠦ ᠪᠠᠶᠢᠨ᠎ᠠ ᠃ ᠠᠳᠠᠯᠢᠣᠨᠬᠠᠬᠤ ᠪᠠᠷ ᠰᠤᠷᠤᠯᠴᠠᠯᠭ᠎ᠠ ᠶ᠋ᠢ ᠠᠬᠢᠭᠤᠯᠬᠤ ᠂ ᠤᠷᠤᠯᠳᠤᠭᠠᠨ ᠢᠶᠠᠷ ᠪᠣᠯᠪᠠᠰᠤᠷᠠᠯ ᠢ ᠠᠬᠢᠭᠤᠯᠬᠤ ᠪᠠᠷ ᠳᠠᠮᠵᠢᠨ ᠨᠠᠮ ᠦᠨ ᠬᠡᠰᠢᠭᠦᠨ ᠴᠠᠬᠳᠠᠭᠠᠨ ᠤ ᠬᠤᠰᠢᠭᠤᠴᠢ ᠵᠢᠱᠢᠶᠡᠴᠢ ᠤᠶᠢᠯᠡᠳᠦᠯ ᠢ ᠭᠦᠢᠴᠡᠳ ᠪᠠᠳᠠᠷᠠᠭᠤᠯᠵᠤ ᠂ ᠨᠠᠮ ᠤᠨ ᠪᠠᠶᠢᠭᠤᠯᠤᠯᠲᠠ ᠶ᠋ᠢᠨ ᠮᠡᠳᠡᠯᠭᠡ ᠂ ᠬᠠᠤᠯᠢ ᠴᠠᠭᠠᠵᠠ ᠶ᠋ᠢᠨ ᠮᠡᠳᠡᠯᠭᠡ ᠂ ᠴᠠᠬᠳᠠᠭᠠᠨ ᠤ ᠶᠠᠪᠤᠳᠠᠯ ᠤᠨ ᠮᠡᠷᠭᠡᠰᠢᠯ ᠴᠢᠳᠠᠪᠤᠷᠢ ᠵᠡᠷᠭᠡ ᠣᠯᠠᠨ ᠬᠡᠯᠪᠡᠷᠢ ᠶ᠋ᠢᠨ ᠶᠡᠬᠡ ᠬᠡᠪᠴᠢᠶᠡᠨ ᠦ ᠵᠡᠪᠰᠡᠭ ᠦᠨ ᠮᠦᠷᠦᠶᠢᠴᠡᠭᠡᠨ ᠥᠷᠨᠢᠭᠦᠯᠵᠦ ᠂ ︿ ︿ ᠡᠭᠦᠷᠭᠡ ᠲᠤᠰᠢᠶᠠᠯ ᠳ᠋ᠠᠭᠠᠨ ᠦᠨᠡᠨᠴᠢ ᠰᠢᠳᠤᠷᠭᠤ ﹀ ﹀ ᠰᠦᠷᠳᠡᠭᠦᠯᠭᠡ ᠶ᠋ᠢ ᠡᠰᠡᠷᠭᠦᠴᠡᠬᠦ ᠵᠢᠩᠭᠢᠨᠢ ᠴᠡᠷᠢᠭ ᠠᠩᠭᠢ ᠶ᠋ᠢᠨ ᠰᠣᠷᠢᠯᠲᠠ ᠬᠢᠵᠦ ᠂ ᠪᠦᠬᠦ ᠴᠠᠬᠳᠠᠭᠠᠨ ᠤ ᠶᠡᠷᠦᠩᠬᠡᠶᠢᠯᠡᠭᠰᠡᠨ ᠬᠡᠪ ᠪᠣᠯᠪᠠᠰᠤᠷᠠᠯ ᠢ ᠦᠨᠡᠨᠬᠦ ᠳᠡᠭᠡᠭᠰᠢᠯᠡᠭᠦᠯᠦᠨ ᠂ 2017 ᠣᠨ ᠳ᠋ᠤ ᠪᠦᠬᠦ ᠬᠣᠲᠠ ᠶ᠋ᠢᠨ ᠳᠣᠳᠤᠭᠠᠳᠤ ᠶ᠋ᠢ ᠬᠠᠮᠠᠭᠠᠯᠠᠬᠤ ᠰᠢᠰᠲ᠋ᠧᠮ ᠦᠨ ︿ ︿ ᠬᠡᠪ ᠴᠢᠨᠠᠷ ᠢᠶᠡᠨ ᠳᠡᠭᠡᠭᠰᠢᠯᠡᠭᠦᠯᠦᠨ ᠴᠢᠳᠠᠪᠤᠷᠢ ᠪᠠᠨ ᠬᠦᠴᠦᠷᠬᠡᠭᠵᠢᠭᠦᠯᠵᠦ ᠥᠭᠡᠷᠡᠴᠢᠯᠡᠯᠲᠡ ᠶ᠋ᠢ ᠳᠥᠯᠬᠢᠨ ᠠᠬᠢᠭᠤᠯᠬᠤ ﹀ ﹀ ᠬᠠᠤᠯᠢ ᠴᠠᠭᠠᠵᠠ ᠶ᠋ᠢᠨ ᠮᠡᠳᠡᠯᠭᠡ ᠵᠡᠪᠰᠡᠭ ᠦᠨ ᠡᠷᠲᠡᠮ ᠠᠳᠠᠯᠢᠣᠨᠬᠠᠨ ᠰᠢᠯᠭᠠᠷᠠᠭᠤᠯᠬᠤ ᠠᠵᠢᠯᠯᠠᠭᠠᠨ ᠳ᠋ᠤ ᠬᠠᠮᠳᠤ ᠨᠡᠶᠢᠲᠡ ᠶ᠋ᠢᠨ ᠨᠢᠭᠡᠳᠦᠭᠡᠷ ᠨᠡᠷᠡᠰ ᠲᠦ ᠣᠷᠤᠬᠰᠠᠨ ᠢᠷᠠᠭᠤ ᠪᠦᠳᠦᠮᠵᠢ ᠶ᠋ᠢ ᠣᠯᠵᠠᠢ ᠃
( ᠪᠤᠶᠠᠨᠴᠤᠬᠯᠠ ﹀
ᠢᠷᠡᠯᠳᠡ᠄
ᠨᠠᠶᠢᠷᠠᠭᠤᠯᠤᠭᠴᠢ᠄
ᠳᠤᠯᠠᠭᠠᠨ