ᠨᠠᠢᠮᠠᠨ ᠬᠤᠰᠢᠭᠤᠨ ᠤ ᠭᠡᠷᠡᠯᠴᠢ ᠴᠡᠨᠡᠭ ᠵᠠᠯᠭᠠᠯᠳᠤᠭᠤᠯᠤᠨ ᠶᠠᠳᠠᠭᠤ ᠶ᠋ᠢ ᠳᠡᠦᠨᠬᠦᠬᠦ ᠲᠥᠷᠥᠯ ᠵᠦᠢᠯ 3428 ᠶᠠᠳᠠᠭᠤ ᠡᠷᠦᠬᠡ ᠳ᠋ᠦ ᠪᠤᠶᠠᠨ ᠤᠶᠢᠯᠡᠦᠨᠪᠡ

ᠣᠩᠰᠢᠭᠰᠠᠨ ᠤᠳᠠᠭ᠎ᠠ ᠄ 2289     ᠨᠡᠶᠢᠳᠡᠯᠡᠭᠰᠡᠨ ᠴᠠᠭ ᠄ 2018/10/1 14:59:31

     ᠨᠠᠢᠮᠠᠨ ᠬᠤᠰᠢᠭᠤᠨ ᠤ ᠭᠡᠷᠡᠯᠴᠢ ᠴᠡᠨᠡᠭ ᠵᠠᠯᠭᠠᠯᠳᠤᠭᠤᠯᠤᠨ ᠶᠠᠳᠠᠭᠤ ᠶ᠋ᠢ ᠳᠡᠦᠨᠬᠦᠬᠦ ᠲᠥᠷᠥᠯ ᠵᠦᠢᠯ ᠨᠢ ᠡᠯᠡᠰᠦᠷᠬᠡᠭ ᠣᠷᠣᠨ ᠤ ᠪᠣᠶᠢᠳᠠ ᠲᠣᠰᠬᠤᠨ ᠤ ᠠᠷᠠᠳ ᠲᠦᠮᠡᠨ ᠳ᠋ᠦ ᠠᠰᠢᠭ ᠬᠦᠷᠲᠡᠭᠡᠨ ᠪᠤᠶᠠᠨ ᠤᠶᠢᠯᠡᠦᠨᠴᠦ ᠪᠤᠢ ᠃ ᠥᠪᠥᠷ ᠮᠤᠩᠭᠤᠯ ᠤᠨ ᠨᠠᠢᠮᠠᠨ ᠤ ᠴᠠᠬᠢᠯᠭᠠᠨ ᠬᠦᠴᠦᠨ ᠦ ᠬᠢᠵᠠᠭᠠᠷᠲᠤ ᠺᠣᠮᠫᠠᠨᠢ ᠶ᠋ᠢᠨ 66KV ᠭᠡᠷᠡᠯᠴᠢ ᠴᠡᠨᠡᠭ ᠲᠥᠷᠥᠯ ᠵᠦᠢᠯ ᠨᠢ ᠨᠠᠢᠮᠠᠨ ᠬᠤᠰᠢᠭᠤᠨ ᠤ ᠭᠤᠷᠪᠠᠨᠬᠤᠸᠠ ᠰᠤᠮᠤᠨ ᠤ ᠥᠯᠦᠩᠲᠡᠢ ᠭᠠᠴᠠᠭᠠᠨ ᠤ ᠤᠶᠢᠷ᠎ᠠ ᠪᠠᠶᠢᠷᠢᠰᠢᠵᠤ ᠂ 1800 ᠮᠦ ᠲᠠᠯᠠᠪᠠᠢ ᠲᠠᠢ ᠂ ᠶᠡᠷᠦᠩᠬᠡᠢ ᠪᠡᠯᠡ ᠣᠷᠤᠭᠤᠯᠤᠯᠲᠠ ᠨᠢ 3.85 ᠳ᠋ᠦᠩᠰᠢᠭᠤᠷ ᠲᠥᠭᠦᠷᠢᠭ ᠂ 2018 ᠣᠨ ᠤ 6 ᠰᠠᠷ᠎ᠠ ᠶ᠋ᠢᠨ 28 ᠦ ᠡᠳᠥᠷ ᠠᠮᠵᠢᠯᠲᠠ ᠲᠠᠢ ᠪᠠᠷ ᠴᠠᠬᠢᠯᠭᠠᠨ ᠭᠠᠷᠭᠠᠬᠤ ᠡᠭᠦᠷᠭᠡ ᠪᠡᠨ ᠪᠡᠶᠡᠯᠡᠭᠦᠯᠵᠡᠢ ᠃ 9 ᠰᠠᠷ᠎ᠠ ᠶ᠋ᠢᠨ 20 ᠪᠣᠯᠲᠠᠯ᠎ᠠ ᠲᠣᠰ ᠭᠡᠷᠡᠯᠴᠢ ᠴᠡᠨᠡᠭ ᠴᠠᠬᠢᠯᠭᠠᠨ ᠥᠷᠲᠡᠭᠡᠨ ᠦ ᠡᠯ᠎ᠡ ᠲᠥᠷᠥᠯ ᠦᠨ ᠴᠠᠬᠢᠯᠭᠠᠨ ᠬᠡᠷᠡᠭᠰᠡᠯ ᠲᠥᠭᠦᠭᠡᠷᠦᠮᠵᠢ ᠶ᠋ᠢᠨ ᠠᠵᠢᠯᠯᠠᠭᠠᠨ ᠬᠡᠪ ᠦᠨ ᠪᠠᠶᠢᠵᠤ ᠂ ᠴᠠᠬᠢᠯᠭᠠᠨ ᠭᠠᠷᠭᠠᠬᠰᠠᠨ ᠬᠡᠮᠵᠢᠶ᠎ᠡ 662.03 ᠲᠦᠮᠡᠨ  ᠭᠷᠠᠳᠥᠰ  ᠬᠦᠷᠴᠡᠢ ᠃  ᠣᠳᠣᠬᠠᠨ ᠳ᠋ᠤ ︿ ︿ ᠴᠠᠬᠢᠯᠭᠠᠨ ᠥᠷᠲᠡᠭᠡ + ᠶᠠᠳᠠᠭᠤ ᠡᠷᠦᠬᠡ ﹀ ﹀ ᠶ᠋ᠢᠨ ᠬᠡᠪ ᠵᠠᠬᠪᠤᠷ ᠢ ᠬᠡᠷᠡᠭᠵᠢᠭᠦᠯᠦᠨ ᠂ ᠤᠶᠢᠷ᠎ᠠ ᠬᠠᠪᠢ ᠶ᠋ᠢᠨ 173  ᠲᠣᠰᠬᠤᠨ  ᠤ 3428 ᠳᠠᠩᠰᠠ ᠺᠠᠷᠲ ᠲᠠᠢ  ᠶᠠᠳᠠᠭᠤ ᠡᠷᠦᠬᠡ  ᠠᠰᠢᠭ  ᠬᠦᠷᠲᠡᠵᠦ  ᠪᠤᠢ ᠃       
                                                             ( ᠪᠤᠶᠠᠨᠴᠤᠬᠯᠠ )
ᠢᠷᠡᠯᠳᠡ᠄ ᠨᠠᠶᠢᠷᠠᠭᠤᠯᠤᠭᠴᠢ᠄ ᠳᠤᠯᠠᠭᠠᠨ

ᠬᠠᠮᠢᠶ᠎ᠡ ᠪᠦᠬᠦᠢ ᠰᠣᠨᠢᠨ