ᠪᠡᠷᠬᠡ ᠮᠠᠩᠬᠠᠨ ᠤ ᠪᠤᠳᠠᠲᠠᠢ ᠡᠴᠠ ᠡᠭᠦᠰᠬᠦ ᠨᠢ ᠪᠠᠶᠠᠵᠢᠯ ᠬᠥᠭᠵᠢᠯ ᠦᠨ ᠪᠠᠳᠤᠯᠠᠭ᠎ᠠ ᠮᠦᠨ

ᠣᠩᠰᠢᠭᠰᠠᠨ ᠤᠳᠠᠭ᠎ᠠ ᠄ 32792     ᠨᠡᠶᠢᠳᠡᠯᠡᠭᠰᠡᠨ ᠴᠠᠭ ᠄ 2018/9/30 8:12:55

       ᠮᠤᠩᠭᠤᠯ ᠨᠤᠲᠤᠭ ᠪᠠᠭᠠᠪᠡᠷᠬᠡ ᠪᠣᠯ ᠮᠠᠩᠬ᠎ᠠ ᠵᠢᠯᠠᠭ᠎ᠠ ᠥᠷᠬᠦᠯᠵᠢᠯᠡᠭᠰᠡᠨ ᠴᠣᠯ ᠡᠯᠡᠰᠦᠷᠬᠡᠭ ᠣᠷᠣᠨ ᠪᠠᠶᠢᠭ᠎ᠠ ᠶᠤᠮ ᠃ ᠵᠠᠭᠤᠨ ᠵᠢᠯ ᠦᠨ ᠠᠯᠤᠰ ᠲᠦ ᠪᠤᠮᠠᠨ ᠮᠠᠯ ᠲᠠᠢ ᠪᠠᠶᠠᠨ ᠠᠮᠢᠳᠤᠷᠠᠵᠤ ᠂ ᠳᠠᠯᠠᠨ ᠵᠢᠯ ᠦᠨ ᠡᠮᠦᠨ᠎ᠡ ᠬᠠᠷᠬᠢᠯ ᠤᠨ ᠣᠢ ᠶ᠋ᠢᠨ ᠪᠡᠷᠬᠡ ᠲᠠᠢ ᠂ ᠬᠠᠶᠢᠯᠠᠰᠤᠨ ᠮᠣᠳᠣᠨ ᠲᠥᠩ ᠲᠠᠢ ᠂ ᠬᠣᠳᠤᠭᠤᠷ ᠲᠥᠭᠦᠷᠡᠩ ᠪᠤᠷᠭᠠᠰᠤ ᠲᠠᠢ ᠂ ᠬᠤᠯᠤᠰᠤ ᠵᠡᠭᠡᠰᠦ ᠡᠯᠳᠡᠩ ᠲᠠᠢ  ᠭᠠᠶᠢᠬᠠᠮᠰᠢᠬᠳᠤ ︿ ︿ ᠭᠤᠷᠪᠠᠨ ᠰᠠᠶᠢᠬᠠᠨ ᠤ ᠪᠡᠷᠬᠡ ﹀ ﹀ ᠪᠠᠶᠢᠬᠰᠠᠨ ᠪᠠᠶᠢᠭ᠎ᠠ ᠃ ᠠᠮᠢ ᠠᠬᠤᠢ ᠬᠡᠮᠡᠭᠴᠢ ᠨᠡᠬᠡᠷᠡᠨ ᠬᠡᠪᠡᠷᠡᠭ ᠠᠵᠢ ᠃ ᠠᠷᠢᠶᠠᠲᠠᠨ ᠴᠢᠨ᠋ᠸ᠎ᠠ ᠶ᠋ᠢ ᠠᠷᠢᠯᠭᠠᠨ᠎ᠠ ᠬᠡᠮᠡᠨ ᠠᠲᠠᠷ ᠪᠡᠷᠬᠡ ᠳ᠋ᠦ ᠭᠠᠯ ᠲᠠᠯᠪᠢᠵᠤ ᠂ ᠠᠬᠢᠨ ᠴᠠᠰᠢ  ᠠᠷᠤ ᠲᠠᠯ᠎ᠠ ᠶ᠋ᠢᠨ ᠢᠷᠭᠡᠳ ᠲᠦᠯᠡᠭᠡ ᠬᠠᠳᠤᠵᠤ ᠲᠡᠮᠡᠭᠡ ᠪᠡᠷ ᠠᠴᠢᠨ ᠬᠣᠷᠢᠬᠠᠨ ᠵᠢᠯ ᠪᠣᠯᠤᠬᠰᠠᠨ ᠦᠭᠡᠢ ︿ ︿ ᠭᠤᠷᠪᠠᠨ ᠰᠠᠶᠢᠬᠠᠨ ᠤ ᠪᠡᠷᠬᠡ ﹀ ﹀ ᠮᠠᠨᠢ ︿ ︿ ᠤᠯᠢᠶᠠᠰᠤᠨ ᠴᠠᠭᠠᠨ ᠮᠠᠩᠬ᠎ᠠ ﹀ ﹀ ᠪᠣᠯᠵᠤ ᠬᠣᠪᠬᠠᠶᠢᠷᠠᠨ ᠬᠣᠪᠢᠷᠠᠬᠰᠠᠨ ᠬᠠᠷᠠᠰᠠᠯᠲᠤ ᠦᠵᠡᠭᠳᠡᠯ ᠨᠢᠳᠦᠨ ᠡᠮᠦᠨ᠎ᠡ ᠢᠯᠡᠷᠡᠭᠰᠡᠨ ᠪᠠᠶᠢᠳᠠᠭ ᠃ ᠠᠮᠢ ᠠᠬᠤᠢ ᠮᠠᠭᠤᠲᠠᠵᠤ ᠪᠠᠶᠢᠭ᠎ᠠ ᠶ᠋ᠢ ᠳᠠᠩᠳᠠ ᠮᠠᠯ ᠠᠳᠤᠭᠤᠰᠤᠨ ᠳ᠋ᠦ ︿ ︿ ᠶᠠᠯ᠎ᠠ ﹀ ﹀ ᠨᠥᠮᠦᠷᠭᠡᠬᠦ ᠨᠢ ᠵᠣᠬᠢᠰ ᠦᠭᠡᠢ ᠰᠢᠭ ᠰᠠᠨᠠᠬᠳᠠᠭᠠᠤᠨ ᠪᠠᠶᠢᠨ᠎ᠠ ᠃ ᠮᠢᠨᠤ ᠦᠵᠡᠬᠦ ᠪᠡᠷ ᠵᠢᠩᠭᠢᠨᠢ ᠶᠠᠯᠠᠲᠠᠨ ᠨᠢ ᠬᠡᠯᠡ ᠠᠮᠠ ᠲᠠᠢ ᠬᠣᠶᠠᠷ ᠬᠥᠯ ᠲᠠᠢ  ᠠᠮᠢᠲᠠᠨ ᠪᠠᠶᠢᠭ᠎ᠠ ᠶᠤᠮ ᠃ ᠣᠳᠣᠬᠠᠨ ᠤ ᠪᠠᠭᠠᠪᠡᠷᠬᠡ ᠣᠷᠣᠨ ᠤ ᠮᠠᠯ ᠰᠦᠷᠦᠭ ᠦᠨ ᠲᠣᠭ᠎ᠠ ᠪᠣᠮᠠᠨ ᠤ ᠲᠣᠭᠠᠨ ᠳ᠋ᠦ ᠬᠦᠷᠬᠦ ᠭᠡᠵᠢ ‍ᠦᠦ ︖
       ᠪᠠᠭᠠᠪᠡᠷᠬᠡ ᠶ᠋ᠢᠨ ᠣᠷᠣᠨ ᠳ᠋ᠦ ᠨᠤᠳᠤᠬᠰᠢᠨ ᠰᠠᠭᠤᠷᠢᠰᠢᠵᠤ ᠠᠮᠢᠳᠤᠷᠠᠶ᠎ᠠ ᠭᠡᠪᠡᠯ ᠳᠠᠷᠤᠢ ᠮᠠᠯ ᠠᠵᠤ  ᠠᠬᠤᠢ ᠪᠠᠷ ᠭᠣᠤᠯ ᠪᠣᠯᠭᠠᠨ ᠬᠥᠭᠵᠢᠭᠦᠯᠬᠦ ᠬᠡᠷᠡᠭᠲᠡᠢ ᠃ ᠪᠠᠭᠠᠪᠡᠷᠬᠡ ᠶ᠋ᠢᠨ ᠬᠦᠷᠦᠰᠦ ᠰᠢᠷᠣᠢ ᠲᠠᠴᠢᠷ ᠨᠢᠮᠭᠡᠨ ᠲᠠᠷᠢᠶ᠎ᠠ ᠲᠠᠷᠢᠭᠠᠳ ᠤᠷᠭᠤᠯᠲᠠ ᠮᠠᠭᠤ ᠃ ᠪᠡᠯᠴᠢᠭᠡᠷ ᠡᠪᠡᠰᠦ ᠠᠨᠠᠢ ᠃ ᠬᠥᠬᠡ ᠪᠣᠷᠳᠤᠭ᠎ᠠ ᠢᠯᠡᠭᠦᠬᠡᠨ ᠲᠠᠷᠢᠪᠠᠯ ᠠᠰᠢᠬᠲᠠᠢ ᠃
ᠮᠠᠯ ᠠᠵᠤ ᠠᠬᠤᠢ ᠶ᠋ᠢ ᠬᠦᠭᠵᠢᠭᠦᠯᠬᠦ ᠳ᠋ᠦ ᠣᠷᠣᠨ ᠨᠤᠲᠤᠭ ᠲᠠᠭᠠᠨ ᠲᠣᠬᠢᠷᠠᠬᠰᠠᠨ ᠂ ᠪᠡᠯᠴᠢᠭᠡᠷ ᠦᠨ ᠪᠠᠶᠢᠳᠠᠯ ᠂ ᠤᠷᠭᠤᠮᠠᠯ ᠤᠨ ᠣᠨᠴᠠᠯᠢᠭ ᠢ ᠦᠨᠳᠦᠰᠦᠯᠡᠨ ᠰᠢᠨᠵᠢᠯᠡᠬᠦ ᠤᠬᠠᠭᠠᠨᠴᠢ ᠪᠠᠷ ᠰᠠᠶᠢᠳᠤᠷ ᠨᠠᠷᠢᠯᠢᠭ ᠲᠥᠯᠦᠪᠯᠡᠨ ᠲᠣᠬᠢᠲᠠᠢ ᠴᠠᠭ ᠳ᠋ᠦ᠋ᠨᠢ ᠪᠡᠯᠴᠢᠭᠡᠷᠯᠡᠭᠦᠯᠬᠦ ᠪᠠ ᠬᠠᠰᠢᠶᠠᠯᠠᠬᠤ ᠶ᠋ᠢ ᠡᠷᠬᠡᠪᠰᠢ ᠤᠷᠭᠠᠨᠢᠭ ᠢᠶᠠᠷ ᠲᠣᠬᠢᠷᠠᠭᠤᠯᠬᠤ ᠬᠡᠷᠡᠭᠲᠡᠢ ᠃ ᠪᠠᠭᠠᠪᠡᠷᠬᠡ ᠣᠷᠣᠨ ᠤ ᠡᠪᠡᠰᠦ ᠤᠷᠭᠤᠮᠠᠯ ᠤᠨ ᠣᠯᠠᠩᠬᠢ ᠨᠢ ᠪᠦᠳᠦᠭᠦᠯᠢᠭ ᠮᠦᠷᠳᠡᠭᠡᠨ ᠥᠷᠭᠡᠰᠦᠯᠢᠭ  ᠪᠠᠶᠢᠵᠤ ᠂ ᠵᠤᠨ ᠦᠵᠡᠭᠦᠶ᠎ᠡ ᠰᠠᠬᠤᠯᠢᠭ ᠡᠪᠦᠯ ᠪᠣᠯᠬᠤᠶ᠎ᠠ ᠦᠨᠳᠦᠰᠦ ᠪᠡᠷ ᠢᠶ᠋ᠡᠨ ᠡᠷᠭᠢᠯᠳᠦᠨ ᠬᠡᠶᠢᠰᠴᠦ ᠠᠮᠢ ᠠᠬᠤᠢ ᠶ᠋ᠢ ᠰᠡᠷᠭᠦᠭᠡᠨ ᠬᠠᠮᠠᠭᠠᠯᠠᠬᠤ ᠳ᠋ᠦ ᠦᠵᠡᠭᠦᠯᠬᠦ ᠤᠶᠢᠯᠡᠳᠦᠯ ᠨᠢ ᠠᠨᠠᠶᠢᠬᠠᠨ ᠪᠠᠶᠢᠳᠠᠭ ᠃  ᠮᠥᠩᠬᠡ ᠠᠶᠢᠯ ᠤᠨ ᠬᠠᠷᠢᠶᠠᠨ ᠤ ᠭᠠᠵᠠᠷ ᠢ ᠠᠵᠢᠬᠤ ᠳ᠋ᠦ ᠭᠣᠤᠯᠳᠠᠭᠤ ᠴᠣᠯᠢᠭᠢᠷ ᠂ ᠰᠢᠷᠠᠯᠵᠢ ᠂ ᠴᠢᠪᠠᠭᠠᠨᠴᠠ ᠶ᠋ᠢᠨ ᠲᠣᠯᠤᠭᠠᠢ ᠂ ᠨᠠᠩᠭᠢ ᠵᠠᠩᠭᠤᠤ ᠂ ᠬᠣᠨᠢᠨ ᠵᠠᠩᠭᠤᠤ ᠂ ᠬᠠᠮᠠᠬᠣᠤᠯ ᠂ ᠵᠠᠩᠭᠣᠤᠯᠢᠭ ᠡᠪᠡᠰᠦ ᠪᠠᠶᠢᠷᠢ ᠠᠪᠴᠤ ᠤᠷᠭᠤᠵᠤ ᠪᠤᠢ ᠃ ᠡᠳᠡᠭᠡᠷ ᠲᠥᠷᠥᠯ ᠦᠨ ᠡᠪᠡᠰᠦ ᠴᠦᠮ ᠲᠥᠷᠢᠮᠡᠬᠡᠢ ᠴᠢᠨᠠᠷ ᠲᠠᠢ ᠪᠠᠶᠢᠵᠤ ᠬᠠᠪᠤᠷ ᠡᠷᠲᠡ ᠤᠷᠭᠤᠵᠤ ᠪᠣᠰᠣᠤᠨ ᠨᠠᠷᠢᠯᠢᠭ ᠰᠢᠮᠡᠲᠦ  ᠡᠪᠡᠰᠦᠨ ᠦ ᠤᠷᠭᠤᠯᠲᠠ ᠶ᠋ᠢ ᠬᠠᠷᠰᠢᠯᠠᠳᠠᠭ ᠃ ᠡᠳᠡᠭᠡᠷ ᠪᠦᠳᠦᠭᠦᠯᠢᠭ ᠥᠷᠭᠡᠰᠦᠯᠢᠭ ᠡᠪᠡᠰᠦ ᠶ᠋ᠢ ᠨᠢᠷᠠᠢ ᠨᠢᠯᠬ᠎ᠠ ᠳ᠋ᠦ᠋ᠨᠢ ᠮᠠᠯ ᠠᠳᠤᠭᠤᠰᠤ ᠴᠦᠮ ᠢᠳᠡᠬᠦ ᠳᠤᠷᠠᠲᠠᠢ ᠵᠦᠭᠡᠯᠡᠨ ᠰᠢᠮ᠎ᠡ ᠲᠠᠢ ᠪᠠᠶᠢᠵᠤ ᠂ ᠳᠠᠷᠠᠭᠠᠴᠢ ᠪᠠᠷ ᠤᠷᠭᠤᠬᠰᠠᠨ ᠨᠠᠷᠢᠯᠢᠭ ᠡᠪᠡᠰᠦ ᠨᠢ ᠴᠤ ᠨᠠᠮᠤᠷ ᠡᠪᠦᠯ ᠮᠠᠯ ᠤᠨ ᠢᠳᠡᠰᠢ ᠪᠣᠯᠵᠤ ᠰᠠᠯᠬᠢᠨ ᠢ ᠬᠠᠯᠬᠠᠯᠠᠨ ᠬᠦᠷᠦᠰᠦ ᠶ᠋ᠢ ᠬᠠᠮᠠᠭᠠᠯᠠᠵᠤ ᠠᠮᠢ ᠠᠬᠤᠢ ᠶ᠋ᠢᠨ ᠰᠡᠷᠭᠦᠯᠲᠡ ᠳ᠋ᠦ ᠠᠰᠢᠬᠲᠠᠢ ᠪᠠᠶᠢᠳᠠᠭ ᠃ ᠭᠡᠬᠦ ᠳ᠋ᠦ ᠂ ᠡᠳᠡᠭᠡᠷ ᠡᠪᠡᠰᠦ ᠶ᠋ᠢ ᠢᠳᠡᠬᠦ  ᠴᠠᠭ ᠲᠦ᠋ᠨᠢ ᠬᠣᠨᠢ ᠮᠠᠯ ᠢᠶᠡᠨ ᠬᠠᠰᠢᠶᠠᠯᠠᠬᠰᠠᠨ ᠡᠴᠠ ᠡᠳᠡᠭᠡᠷ ᠡᠪᠡᠰᠦ ᠤᠷᠭᠤᠮᠠᠯ ᠬᠠᠲᠠᠭᠤᠷᠠᠨ ᠥᠷᠭᠡᠰᠦᠯᠡᠵᠦ 7 ᠰᠠᠷ᠎ᠠ ᠶ᠋ᠢᠨ ᠡᠬᠢᠨ ᠳ᠋ᠦ ᠮᠠᠯ ᠬᠣᠨᠢ ᠶ᠋ᠢ ᠬᠠᠰᠢᠶᠠᠨ ᠡᠴᠠ ᠭᠠᠷᠭᠠᠬᠤᠶ᠎ᠠ ᠢᠳᠡᠵᠦ ᠴᠢᠳᠠᠬᠤ ᠦᠭᠡᠢ ᠪᠣᠯᠵᠤ ᠤᠷᠭᠤᠬᠰᠠᠨ ᠡᠪᠡᠰᠦ  ᠨᠢ ᠢᠳᠡᠭᠦᠷᠢ ᠦᠭᠡᠢ ᠂ ᠢᠳᠡᠬᠦ ᠡᠪᠡᠰᠦ ᠨᠢ ᠤᠷᠭᠤᠯᠲᠠ ᠦᠭᠡᠢ ᠪᠣᠯᠵᠤ  ᠪᠠᠶᠢᠭ᠎ᠠ ᠪᠤᠳᠠᠳᠤ ᠪᠠᠶᠢᠳᠠᠯ ᠢ ᠬᠠᠮᠢᠶ᠎ᠠ ᠪᠦᠬᠦᠢ ᠡᠲᠡᠭᠡᠳ ᠦᠨ ᠬᠢᠨ ᠠᠩᠬᠠᠷᠤᠯ ᠳ᠋ᠠᠭᠠᠨ ᠠᠪᠤᠪᠠᠯ ᠵᠣᠬᠢᠨ᠎ᠠ ᠃
       ᠪᠡᠷᠬᠡ ᠮᠠᠩᠬᠠᠨ ᠤ ᠪᠣᠳᠠᠲᠠᠢ ᠡᠴᠠ ᠡᠭᠦᠰᠬᠦ ᠨᠢ ᠪᠠᠶᠠᠵᠢᠯ ᠬᠥᠭᠵᠢᠯ ᠦᠨ ᠪᠠᠳᠤᠯᠠᠭ᠎ᠠ ᠮᠦᠨ ᠃
 
                                                      ᠯᠢ ᠪᠤᠶᠠᠨᠴᠤᠬᠯᠠ
ᠢᠷᠡᠯᠳᠡ᠄ ᠨᠠᠶᠢᠷᠠᠭᠤᠯᠤᠭᠴᠢ᠄ ᠳᠤᠯᠠᠭᠠᠨ

ᠬᠠᠮᠢᠶ᠎ᠡ ᠪᠦᠬᠦᠢ ᠰᠣᠨᠢᠨ