ᠡᠮᠦᠨ᠎ᠡ ᠭᠠᠯᠠᠭᠣᠴᠢ ᠶ᠋ᠢᠨ ᠥᠩᠰᠢᠭ ᠬᠣᠪᠢᠷᠠᠯᠲᠠ

ᠣᠩᠰᠢᠭᠰᠠᠨ ᠤᠳᠠᠭ᠎ᠠ ᠄ 32911     ᠨᠡᠶᠢᠳᠡᠯᠡᠭᠰᠡᠨ ᠴᠠᠭ ᠄ 2018/9/27 15:09:20

      ᠨᠠᠢᠮᠠᠨ ᠬᠤᠰᠢᠭᠤᠨ ᠤ ᠭᠣᠷᠪᠠᠨᠬᠤᠸᠠ ᠰᠤᠮᠤ ᠶ᠋ᠢᠨ ᠶᠦᠩ ᠰᠢᠩ ᠭᠠᠴᠠᠭᠠᠨ ᠤ ᠡᠮᠦᠨ᠎ᠡ ᠭᠠᠯᠠᠭᠣᠴᠢ ᠳᠣᠭᠤᠶᠢᠯᠠᠩ ᠨᠢ ᠰᠢᠯᠤᠭᠤᠨ ᠭᠦᠯᠢᠭᠡᠷ ᠽᠸᠮᠸᠨ᠋ᠲ ᠵᠠᠮ ᠨᠡᠪᠳᠡᠷᠡᠭᠰᠡᠨ ᠰᠢᠨ᠎ᠡ ᠲᠣᠬᠢᠯᠢᠭ ᠸᠠᠭᠠᠷ ᠲᠣᠭᠣᠰᠬᠠᠨ ᠭᠡᠷ ᠲᠠᠢ ᠂ ᠮᠣᠲ᠋ᠣᠷ ᠮᠠᠰᠢᠨ ᠤ ᠳᠠᠪᠬᠢᠭ᠎ᠠ ᠲᠠᠢ ᠮᠠᠯ ᠬᠣᠨᠢ ᠥᠰᠦᠯᠲᠡ ᠰᠠᠶᠢᠲᠠᠢ ᠵᠢᠵᠢᠭᠬᠡᠨ ᠪᠠᠶᠢᠭᠠᠯᠢᠯᠢᠭ ᠲᠣᠰᠬᠤ ᠪᠠᠶᠢᠭ᠎ᠠ ᠶᠤᠮ ᠃ 40 ᠵᠢᠯ ᠦᠨ ᠴᠠᠭᠠᠨ᠎ᠠ ᠂ ᠡᠨᠳᠡᠬᠢ ᠠᠮᠢ ᠠᠬᠤᠢ ᠬᠡᠪᠡᠷᠡᠭ ᠭᠠᠩ ᠬᠠᠭᠤᠷᠠᠢ ᠬᠡᠴᠡᠭᠦᠦ ᠪᠠᠶᠢᠵᠤ ᠂ ᠵᠢᠯ ᠪᠦᠷᠢ ᠠᠮᠤ ᠪᠤᠳᠠᠭ᠎ᠠ ᠬᠦᠷᠦᠯᠴᠡᠬᠦ ᠦᠭᠡᠢ ︿ ︿ ᠭᠡᠳᠡᠷᠭᠦ ᠬᠠᠩᠭᠠᠬᠤ ᠪᠣᠳᠠᠭ᠎ᠠ ﹀ ﹀ ᠢᠳᠡᠳᠡᠭ ᠪᠠᠶᠢᠪᠠ ᠃
      2013 ᠣᠨ ᠳ᠋ᠤ ᠂ ᠤᠯᠤᠰ ᠤᠨ ᠣᠨᠳᠣᠣ ᠭᠠᠵᠠᠷ ᠨᠡᠭᠦᠯᠭᠡᠬᠦ ᠲᠥᠷᠥᠯ ᠵᠦᠢᠯ ᠦᠨ ᠨᠠᠶᠢᠳᠠᠪᠤᠷᠢᠵᠢᠭᠤᠯᠤᠯᠲᠠ ᠪᠠᠷ ᠂ ᠤᠣᠯ ᠤᠨ  ᠨᠤᠲᠤᠭ ᠡᠴᠠ ᠪᠠᠨ 2 ᠭᠠᠵᠠᠷ ᠤᠨ ᠵᠠᠶᠢᠲᠠᠢ ᠭᠠᠵᠠᠷ ᠪᠠᠷᠢᠮᠵᠢᠶ᠎ᠠ ᠶᠣᠰᠤᠭᠠᠷ ᠰᠢᠨ᠎ᠡ ᠰᠠᠭᠤᠷᠢᠰᠢᠯ ᠪᠠᠶᠢᠭᠤᠯᠵᠤ ᠪᠦᠬᠦ ᠠᠶᠢᠯ ᠤᠨ 32 ᠡᠷᠦᠬᠡ ᠴᠦᠮ ᠴᠣ᠋ ᠰᠢᠨ᠎ᠡ ᠲᠣᠬᠢᠯᠢᠭ ᠰᠠᠷᠠᠭᠤᠯ ᠸᠠᠭᠠᠷ ᠲᠣᠭᠤᠰᠬᠠᠨ ᠪᠦᠳᠦᠴᠡ ᠲᠠᠢ ᠭᠡᠷ ᠬᠦᠷᠢᠶᠡᠨ ᠳ᠋ᠦ ᠨᠡᠭᠦᠵᠦ ᠂ ᠴᠠᠬᠢᠯᠭᠠᠨ ᠣᠷᠤᠭᠤᠯᠤᠨ ᠽᠸᠮᠸᠨ᠋ᠲ ᠵᠠᠮ ᠨᠡᠪᠲᠡᠷᠡᠭᠦᠯᠵᠡᠢ ᠃ ᠪᠦᠬᠦ ᠠᠶᠢᠯ ᠢᠶᠠᠷ ᠢᠶᠡᠨ 800 ᠮᠦ ᠲᠠᠷᠢᠶᠠᠨ ᠭᠠᠵᠠᠷ ᠲᠠᠢ ᠪᠠᠶᠢᠵᠤ ᠪᠦᠬᠦᠨ ᠢ ᠤᠰᠤᠯᠠᠯᠲᠠ ᠶ᠋ᠢᠨ ᠲᠠᠷᠢᠶ᠎ᠠ ᠪᠣᠯᠭᠠᠵᠠᠢ ᠃ ᠬᠡᠰᠡᠭ ᠬᠦᠮᠦᠰ ᠦᠷ᠎ᠡ ᠦᠭᠡᠢ ᠲᠠᠷᠪᠤᠰ ᠵᠡᠷᠭᠡ ᠥᠨᠳᠦᠷ ᠦᠷ᠎ᠡ ᠠᠰᠢᠬᠳᠣ ᠣᠨᠴᠠᠯᠢᠬᠳᠣ ᠠᠵᠤ ᠤᠶᠢᠯᠡᠰ ᠡᠷᠬᠢᠯᠡᠵᠦ ᠂ ᠣᠯᠠᠨ ᠢᠶᠠᠷ ᠢᠶᠡᠨ ᠳᠡᠵᠢᠭᠡᠪᠦᠷᠢ ᠶ᠋ᠢᠨ ᠤᠶᠢᠯᠡᠰ ᠢ ᠶᠡᠬᠡ ᠬᠦᠴᠦᠨ ᠢᠶ᠋ᠡᠷ ᠡᠵᠡᠩᠨᠡᠨ ᠲᠠᠷᠢᠮᠠᠯ ᠳᠡᠵᠢᠭᠡᠪᠦᠷᠢ  ᠢ ᠤᠶᠠᠯᠳᠤᠭᠤᠯᠤᠨ ᠬᠥᠭᠵᠢᠭᠦᠯᠬᠦ ᠵᠠᠮ ᠢᠶᠠᠷ ᠢᠲᠡᠭᠡᠯ ᠲᠡᠭᠦᠯᠳᠡᠷ ᠤᠷᠤᠬᠰᠢᠯᠠᠵᠤ ᠪᠠᠶᠢᠨ᠎ᠠ ᠃
      ᠣᠤᠯ ᠤᠨ ᠳᠡᠭᠷᠢ ᠶ᠋ᠢᠨ ᠴᠢᠷᠠᠢ ᠪᠠᠷᠠᠳᠠᠵᠤ ︿ ︿ ᠭᠡᠳᠡᠷᠭᠦ ᠬᠠᠩᠭᠠᠬᠤ ᠪᠤᠳᠠᠭ᠎ᠠ ﹀ ﹀ ᠢᠳᠡᠵᠦ ᠪᠠᠶᠢᠬᠰᠠᠨ ᠡᠴᠠ ᠪᠠᠨ ᠣᠳᠣᠬᠠᠨ ᠤ ᠲᠠᠷᠢᠮᠠᠯ ᠳᠡᠵᠢᠭᠡᠪᠦᠷᠢ ᠶ᠋ᠢ ᠤᠶᠠᠯᠳᠤᠭᠤᠯᠤᠨ ᠂ ᠢᠳᠡᠪᠬᠢᠲᠡᠢ ᠪᠡᠷ ᠲᠠᠷᠢᠶᠠᠯᠠᠩ ᠤᠨ ᠲᠠᠷᠢᠮᠠᠯ ᠤᠨ ᠪᠦᠳᠦᠴᠡ ᠳ᠋ᠦ ᠲᠣᠬᠢᠷᠠᠭᠤᠯᠤᠯᠲᠠ ᠬᠢᠬᠦ ᠶ᠋ᠢ ᠰᠥᠪᠡᠭᠴᠢᠯᠡᠵᠦ ᠂ ᠶᠠᠳᠠᠭᠤ ᠡᠴᠠ ᠪᠠᠨ ᠠᠩᠭᠢᠵᠢᠷᠠᠨ ᠪᠠᠶᠠᠵᠢᠨ ᠴᠢᠨᠡᠭᠡᠯᠢᠭᠵᠢᠵᠦ ᠪᠠᠶᠢᠭ᠎ᠠ ᠨᠢ ᠡᠨᠳᠡᠬᠢ ᠣᠯᠠᠨ ᠲᠦᠮᠡᠨ ᠦ ᠴᠣᠭ ᠵᠢᠪᠬᠤᠭ᠎ᠠ ᠨᠢ ᠨᠡᠩ ᠪᠠᠳᠠᠷᠠᠩᠭᠤᠢ  ᠢᠲᠡᠭᠡᠯ ᠬᠦᠰᠡᠯ ᠨᠢ  ᠨᠡᠩ ᠬᠥᠭᠵᠢᠩᠭᠦᠢ ᠪᠣᠯᠵᠤ  ᠂ ᠤᠶᠢᠯᠡᠰ ᠢᠶᠡᠨ ᠳᠡᠭᠡᠵᠢᠯᠡᠵᠦ ᠠᠶᠢᠯ ᠢᠶᠡᠨ ᠡᠷᠭᠦᠵᠦ ᠠᠯᠳᠠᠷ ᠢᠶᠡᠨ ᠮᠠᠨᠳᠤᠭᠤᠯᠵᠤ ᠶᠠᠪᠤᠨ᠎ᠠ ᠃  


                                                    ( ᠪᠤᠶᠠᠨᠴᠤᠬᠯᠠ )
ᠢᠷᠡᠯᠳᠡ᠄ ᠨᠠᠶᠢᠷᠠᠭᠤᠯᠤᠭᠴᠢ᠄ ᠳᠤᠯᠠᠭᠠᠨ

ᠬᠠᠮᠢᠶ᠎ᠡ ᠪᠦᠬᠦᠢ ᠰᠣᠨᠢᠨ