ᠨᠠᠢᠮᠠᠨ ᠬᠤᠰᠢᠭᠤᠨ ᠤ《ᠬᠠᠤᠯᠢ ᠪᠠᠷ ᠵᠠᠰᠠᠬᠤ ᠶ᠋ᠢ ᠤᠬᠠᠭᠤᠯᠬᠤ ᠤᠯᠠᠭᠠᠨᠮᠦ᠋ᠴᠢᠷ 》ᠪᠠᠶᠢᠭᠤᠯᠤᠭᠳᠠᠯ᠎ᠠ

ᠣᠩᠰᠢᠭᠰᠠᠨ ᠤᠳᠠᠭ᠎ᠠ ᠄ 32713     ᠨᠡᠶᠢᠳᠡᠯᠡᠭᠰᠡᠨ ᠴᠠᠭ ᠄ 2018/9/26 10:30:56

      ᠤᠶᠢᠷ᠎ᠠ ᠶ᠋ᠢᠨ ᠡᠳᠤᠷ ᠂ ᠨᠠᠢᠮᠠᠨ ᠬᠤᠰᠢᠭᠤᠨ ᠤ 《ᠬᠠᠤᠯᠢ ᠪᠠᠷ ᠵᠠᠰᠠᠬᠤ ᠶ᠋ᠢ ᠤᠬᠠᠭᠤᠯᠬᠤ ᠤᠯᠠᠭᠠᠨᠮᠦ᠋ᠴᠢᠷ 》 ᠲᠦ ᠳᠤᠭ ᠤᠯᠭᠤᠬᠤ ᠶᠤᠰᠤᠯᠠᠯ ᠳᠤᠰ ᠬᠤᠰᠢᠭᠤᠨ ᠤ ᠳᠠᠮᠢᠷ ᠤᠨ ᠳᠠᠯᠠᠪᠠᠢ ᠳ᠋ᠤ ᠶᠠᠪᠤᠭᠳᠠᠯ᠎ᠠ ᠃  ᠳᠤᠰ ᠬᠦᠳᠡᠯᠭᠡᠭᠡᠨ ᠢ ᠨᠠᠢᠮᠠᠨ ᠬᠤᠰᠢᠭᠤᠨ ᠤ ᠤᠬᠠᠭᠤᠯᠬᠤ ᠬᠡᠯᠳᠡᠰ ᠂ ᠨᠠᠢᠮᠠᠨ ᠬᠤᠰᠢᠭᠤᠨ ᠤ ᠬᠠᠤᠯᠢ ᠴᠠᠭᠠᠵᠠ ᠶ᠋ᠢᠨ ᠳᠤᠪᠴᠢᠶ᠎ᠠ ᠂ ᠨᠠᠢᠮᠠᠨ ᠬᠤᠰᠢᠭᠤᠨ ᠤ ᠰᠤᠶᠤᠯ ᠷᠠᠳᠢᠤ᠋ ᠺᠢᠨᠤ᠋ ᠲᠸᠯᠸᠢᠰ ᠤᠨ ᠳᠤᠪᠴᠢᠶ᠎ᠠ ᠵᠡᠷᠭᠡ ᠬᠠᠮᠢᠶ᠎ᠠ ᠪᠦᠬᠦᠢ ᠪᠠᠶᠢᠭᠤᠯᠭ᠎ᠠ ᠶ᠋ᠢᠨ ᠬᠢᠨ ᠬᠠᠮᠳᠤᠷᠠᠵᠦ  ᠡᠷᠬᠢᠯᠡᠭᠰᠡᠨ ᠶᠤᠮ  ᠃ ᠳᠤᠰ ᠬᠦᠳᠡᠯᠭᠡᠭᠡᠨ ᠳ᠋ᠦ ᠂ ᠳᠠᠴᠢᠨᠳᠠᠯ᠎ᠠ ᠪᠠᠯᠭᠠᠰᠤᠨ ᠤ ᠨᠤᠭᠤᠨᠵᠠᠶᠠᠭ᠎ᠠ ᠤᠳᠬ᠎ᠠ ᠤᠷᠠᠯᠢᠭ ᠤᠨ ᠪᠦᠯᠬᠦᠮ ᠵᠡᠷᠭᠡ 5  ᠪᠦᠯᠬᠦᠮ ᠳ᠋ᠦ 《ᠬᠠᠤᠯᠢ ᠪᠠᠷ ᠵᠠᠰᠠᠬᠤ ᠶ᠋ᠢ ᠤᠬᠠᠭᠤᠯᠬᠤ ᠤᠯᠠᠭᠠᠨᠮᠦ᠋ᠴᠢᠷ 》 ᠤᠨ ᠳᠤᠭ ᠤᠯᠠᠭᠤᠵᠤ ᠂  ᠤᠯᠠᠭᠠᠨᠮᠦ᠋ᠴᠢᠷ ᠮᠠᠨᠢ ᠭᠤᠶᠤ ᠰᠠᠶᠢᠬᠠᠨ ᠳᠤᠭᠯᠠᠯᠳᠠ  ᠪᠠᠷ ᠢᠶᠡᠨ ᠦᠵᠡᠭᠴᠢ ᠳᠦᠮᠡᠨ ᠤ ᠬᠠᠷᠠᠭ᠎ᠠ ᠶ᠋ᠢ  ᠪᠠᠶᠠᠰᠬᠠᠯ᠎ᠠ ᠃
      ᠠᠷᠠᠳ ᠤᠯᠠᠨ ᠤ ᠳᠠᠭᠠᠰᠢᠶᠠᠯ  ᠢ ᠬᠦᠷᠳᠠᠵᠦ ᠂  ᠠᠷᠠᠳ ᠤᠯᠠᠨ ᠤ ᠳᠤᠮᠳᠠ ᠬᠦᠨᠵᠡᠬᠡᠶᠢᠷᠡᠬᠦ ᠡᠨᠡᠬᠦ ᠤᠯᠠᠨ ᠳᠦᠮᠠᠨᠴᠢ ᠴᠢᠨᠠᠷᠳᠠᠢ ᠤᠷᠠᠯᠢᠭ ᠤᠨ ᠳᠠᠶᠢᠰᠠ — 《ᠬᠠᠤᠯᠢ ᠪᠠᠷ ᠵᠠᠰᠠᠬᠤ ᠶ᠋ᠢ ᠤᠬᠠᠭᠤᠯᠬᠤ ᠤᠯᠠᠭᠠᠨᠮᠦ᠋ᠴᠢᠷ 》 ᠨᠢ ᠬᠠᠤᠯᠢ ᠪᠠᠷ ᠵᠠᠰᠠᠬᠤ ᠶ᠋ᠢ ᠤᠬᠠᠭᠤᠯᠬᠤ  ᠬᠦᠮᠦᠵᠢᠯ ᠢ ᠦᠷᠨᠢᠬᠦᠯᠵᠦ ᠂ ᠦᠷᠭᠡᠨ ᠤᠯᠠᠨ ᠮᠠᠯᠴᠢᠨ ᠳᠠᠷᠢᠶᠠᠴᠢᠨ ᠂  ᠨᠠᠶᠢᠭᠡᠮ ᠳᠤᠭᠤᠷᠢᠭ ᠤᠨ ᠰᠠᠭᠤᠭᠠᠯᠢ  ᠠᠷᠠᠳ ᠲᠦ ᠬᠠᠤᠯᠢ ᠪᠠᠷ ᠵᠠᠰᠠᠬᠤ ᠶ᠋ᠢ ᠤᠬᠠᠭᠤᠯᠬᠤ《 ᠰᠤᠶᠤᠯ ᠤᠨ ᠠᠮᠳᠠᠳᠤ ᠬᠤᠭᠤᠯᠠ》 ᠶ᠋ᠢ ᠴᠠᠭ ᠳᠤᠬᠠᠢ ᠳ᠋ᠤ ᠨᠢ ᠬᠦᠷᠬᠡᠬᠦ ᠪᠤᠯᠤᠨ᠎ᠠ ᠃           ᠴᠢᠨᠠᠭᠡᠯᠢᠭ ᠨᠠᠶᠢᠭᠡᠮ ᠢ ᠪᠦᠬᠦ ᠳᠠᠯ᠎ᠠ ᠪᠠᠷ ᠪᠦᠳᠦᠭᠡᠨ ᠪᠠᠶᠢᠭᠤᠯᠬᠤ ᠶᠠᠪᠤᠴᠠ ᠳ᠋ᠤ ᠂ ᠠᠷᠠᠳ ᠤᠯᠠᠨ ᠡᠳ᠋ ᠪᠤᠳᠠᠰ ᠰᠤᠶᠤᠯ ᠤᠨ ᠠᠮᠢᠳᠤᠷᠠᠯ ᠤᠨ ᠳᠡᠭᠡᠭᠰᠢᠯᠡᠯᠳᠡ ᠳ᠋ᠦ ᠰᠡᠳᠬᠢᠯ ᠬᠠᠩᠬᠤ ᠪᠠᠷ ᠪᠠᠷᠠᠬᠤ ᠦᠭᠡᠢ ᠂ ᠠᠷᠡᠳᠴᠢᠯᠠᠯ ᠂ ᠬᠠᠤᠯᠢ ᠪᠠᠷ ᠵᠠᠰᠠᠬᠤ ᠂ ᠡᠷᠭᠡ ᠳᠡᠭᠰᠢ ᠂ ᠳᠦᠪ ᠭᠤᠤᠯᠴᠢ ᠵᠡᠷᠭᠡ ᠳᠠᠯ᠎ᠠ ᠪᠠᠷ ᠨᠠᠩ ᠦᠨᠳᠤᠷ ᠬᠦᠰᠠᠯ ᠬᠦᠭᠡᠭᠡᠴᠡᠯᠳᠤᠯ ᠲᠠᠢ  ᠪᠤᠯᠬᠤ ᠶᠤᠮ  ᠃ ᠡᠨᠡᠬᠦ ᠶᠠᠪᠤᠴᠠ ᠳ᠋ᠤ ᠂ ᠤᠯᠠᠭᠠᠨᠮᠦ᠋ᠴᠢᠷ ᠦ᠋ᠨ ᠳᠠᠪᠠᠭᠤᠯᠢᠭ ᠪᠠᠶᠢᠷᠢ ᠪᠠ ᠬᠠᠤᠯᠢ ᠪᠠᠷ ᠵᠠᠰᠠᠬᠤ ᠶ᠋ᠢ ᠠᠰᠢᠭᠳᠠᠢ ᠤᠶᠠᠯᠳᠤᠭᠤᠯᠵᠤ ᠂  《ᠬᠠᠤᠯᠢ ᠪᠠᠷ ᠵᠠᠰᠠᠬᠤ ᠶ᠋ᠢ ᠤᠬᠠᠭᠤᠯᠬᠤ ᠤᠯᠠᠭᠠᠨᠮᠦ᠋ᠴᠢᠷ 》 ᠬᠡᠬᠦ ᠡᠨᠡᠬᠦ ᠨᠡᠷ᠎ᠡ ᠳᠡᠮᠳᠡᠭ  ᠢ ᠡᠬᠦᠳᠴᠤ ᠂  ᠤᠯᠠᠭᠠᠨᠮᠦ᠋ᠴᠢᠷ ᠦᠨ ᠳᠤᠭᠯᠠᠯᠳᠠ ᠶ᠋ᠢᠨ ᠬᠡᠯᠪᠡᠷᠢ ᠪᠠ ᠠᠭᠤᠯᠭ᠎ᠠ  ᠪᠠᠷ ᠬᠠᠤᠯᠢ ᠪᠠᠷ ᠵᠠᠰᠠᠬᠤ ᠶ᠋ᠢ ᠤᠬᠠᠭᠤᠯᠬᠤ ᠬᠦᠮᠦᠵᠢᠯ ᠢ ᠬᠢᠵᠦ ᠂  ᠤᠯᠠᠭᠠᠨᠮᠦ᠋ᠴᠢᠷ ᠦ᠋ᠨ ᠠᠭᠤᠯᠭ᠎ᠠ ᠶ᠋ᠢ ᠪᠠᠶᠠᠯᠢᠭᠵᠢᠭᠤᠯᠵᠤ ᠂  ᠤᠯᠠᠭᠠᠨᠮᠦ᠋ᠴᠢᠷ ᠦ᠋ᠨ ᠳᠤᠳᠤᠭᠠᠤ ᠬᠦᠴᠦᠨ ᠢ ᠳᠡᠭᠡᠭᠰᠢᠯᠡᠬᠦᠯᠵᠦ ᠂ ᠤᠯᠠᠭᠠᠨᠮᠦ᠋ᠴᠢᠷ ᠦ᠋ᠨ ᠠᠮᠢᠵᠢᠷᠡᠯ ᠤᠨ ᠬᠦᠴᠦᠨ ᠢ ᠨᠠᠮᠡᠭᠳᠡᠬᠦᠯᠬᠦ ᠬᠦᠨ ᠴᠢᠬᠤᠯᠠ ᠤᠳᠬ᠎ᠠ ᠠᠭᠤᠯᠭ᠎ᠠ ᠲᠠᠢ ᠶᠤᠮ ᠃  

     ᠨᠠᠢᠮᠠᠨ ᠬᠤᠰᠢᠭᠤ ᠂ ᠠᠷᠠᠳ ᠳᠦᠮᠡᠨ ᠢᠶ᠋ᠡᠷ ᠳᠦᠪᠯᠡᠬᠦ ᠡᠬᠦᠳᠦᠯᠳᠠ ᠪᠦᠳᠦᠭᠡᠯᠳᠡ ᠶ᠋ᠢᠨ ᠴᠢᠭᠯᠡᠯ ᠢ ᠪᠠᠷᠢᠮᠳᠠᠯᠠᠵᠦ ᠪᠠᠶᠢᠭᠰᠠᠨ ᠡᠴᠡ ᠬᠠᠤᠯᠢ ᠴᠠᠭᠠᠵᠠ ᠠᠷᠠᠳ ᠲᠦ ᠦᠢᠯᠡᠴᠢᠯᠡᠬᠦ ᠰᠢᠨ᠎ᠠ ᠳᠦᠪᠰᠢᠨ ᠳ᠋ᠤ ᠬᠦᠷᠭᠡᠵᠦ ᠂ ᠠᠷᠠᠳ ᠲᠤ ᠠᠰᠢᠭᠳᠠᠢ ᠂ ᠠᠷᠠᠳ ᠤᠨ ᠳᠤᠮᠳᠠ ᠬᠦᠨᠵᠡᠭᠡᠶᠢᠷᠡᠬᠦ ᠬᠠᠤᠯᠢ ᠪᠠᠷ ᠵᠠᠰᠠᠬᠤ ᠶ᠋ᠢ ᠤᠬᠠᠭᠤᠯᠬᠤ ᠤᠳᠬ᠎ᠠ ᠤᠷᠠᠯᠢᠭ ᠤᠨ ᠪᠦᠳᠦᠭᠡᠯ ᠢ ᠨᠢᠭᠡ ᠪᠦᠯᠦᠭ ᠴᠢᠷᠮᠠᠶᠢᠨ ᠡᠬᠦᠳᠴᠦ ᠂ ᠳᠤᠭᠯᠠᠨ ᠳᠠᠭᠤᠯᠠᠵᠦ ᠂ ᠬᠠᠤᠯᠢ ᠪᠠᠷ ᠵᠠᠰᠠᠬᠤ ᠬᠦᠴᠦᠨ ᠢ ᠳᠠᠮᠵᠢᠭᠤᠯᠤᠨ ᠂ ᠬᠠᠤᠯᠢ ᠪᠠᠷ ᠵᠠᠰᠠᠬᠤ ᠳᠠᠭᠤᠨ ᠢ ᠴᠤᠤᠷᠢᠶᠠᠳᠤᠭᠤᠯᠵᠦ ᠂《ᠬᠠᠤᠯᠢ ᠪᠠᠷ ᠵᠠᠰᠠᠬᠤ ᠶ᠋ᠢ ᠤᠬᠠᠭᠤᠯᠬᠤ ᠤᠯᠠᠭᠠᠨᠮᠦ᠋ᠴᠢᠷ 》‍ᠦᠨ ᠳᠤᠭ ᠢ ᠦᠨᠢᠳᠠ ᠨᠠᠮᠢᠷᠠᠭᠤᠯᠬᠤ ᠪᠤᠯᠤᠨ᠎ᠠ ᠃


                                                          ( ᠪᠤᠤ ᠵᠢᠨ ᠯᠢᠶᠠᠨ )

ᠢᠷᠡᠯᠳᠡ᠄ ᠨᠠᠶᠢᠷᠠᠭᠤᠯᠤᠭᠴᠢ᠄ ᠳᠤᠯᠠᠭᠠᠨ

ᠬᠠᠮᠢᠶ᠎ᠡ ᠪᠦᠬᠦᠢ ᠰᠣᠨᠢᠨ