ᠨᠠᠢᠮᠠᠨ ᠬᠤᠰᠢᠭᠤᠨ  ᠤ ᠠᠷᠪᠠᠨ ᠨᠢᠭᠡᠳᠦᠭᠡᠷ ᠬᠤᠭᠤᠴᠠᠭᠠᠨ  ᠤ ᠨᠤᠭᠤᠨᠵᠠᠶᠠᠭ᠎ᠠ ᠰᠤᠶᠤᠯ  ‍ᠤᠨ ᠨᠠᠶᠢᠷ ᠦᠪᠡᠳᠡᠭᠰᠢ ᠶᠡᠭᠡ ᠪᠠᠷ ᠶᠠᠪᠤᠭᠳᠠᠵᠤ ᠦᠨᠳᠤᠷ ᠠᠮᠵᠢᠯᠳᠠ ᠲᠠᠢ ᠵᠢᠷᠭᠠᠯ᠎ᠠ

ᠣᠩᠰᠢᠭᠰᠠᠨ ᠤᠳᠠᠭ᠎ᠠ ᠄ 17553     ᠨᠡᠶᠢᠳᠡᠯᠡᠭᠰᠡᠨ ᠴᠠᠭ ᠄ 2018/9/26 9:34:03

        8 ᠡᠳᠤᠷ ᠪᠤᠯᠤᠭᠰᠠᠨ《  ᠰᠠᠬᠢᠨ ᠪᠠᠷᠠᠯᠠᠵᠦ ᠬᠠᠷᠢᠯᠴᠠᠨ ᠬᠠᠪᠰᠤᠷᠤᠯᠴᠠᠭᠰᠠᠨ ᠰᠠᠶᠢᠨ  ᠭᠡᠷ ᠤᠷᠤᠨ》 ᠠᠩᠬᠠᠳᠤᠭᠠᠷ ᠬᠤᠭᠤᠴᠠᠭᠠᠨ ᠤ《 ᠳᠤᠮᠳᠠᠳᠤ ᠤᠯᠤᠰ ᠤᠨ ᠳᠠᠷᠢᠶᠠᠴᠢᠨ ᠤ  ᠡᠯᠪᠡᠭ ᠬᠤᠷᠢᠶᠠᠯᠳᠠ ᠶ᠋ᠢᠨ ᠪᠠᠶᠠᠷ 》 ᠵᠢᠴᠢ  ᠨᠠᠢᠮᠠᠨ ᠬᠤᠰᠢᠭᠤᠨ ᠤ  ᠠᠷᠪᠠᠨ  ᠨᠢᠭᠡᠳᠦᠭᠡᠷ  ᠬᠤᠭᠤᠴᠠᠭᠠᠨ ᠤ  ᠨᠤᠭᠤᠨᠵᠠᠶᠠᠭ᠎ᠠ ᠰᠤᠶᠤᠯ  ‍ᠤᠨ  ᠨᠠᠶᠢᠷ  ᠦᠪᠡᠳᠡᠭᠰᠢ ᠶᠡᠭᠡ ᠪᠠᠷ ᠶᠠᠪᠤᠭᠳᠠᠵᠤ ᠂  ᠦᠨᠳᠤᠷ ᠠᠮᠵᠢᠯᠳᠠ ᠲᠠᠢ ᠰᠠᠶᠢᠬᠠᠨ ᠵᠢᠷᠭᠠᠯ᠎ᠠ ᠃

       ᠨᠠᠮ ᠤᠨ ᠠᠷᠪᠠ ᠶᠢᠰᠤᠳᠤᠭᠡᠷ ᠶᠡᠭᠡ ᠬᠤᠷᠠᠯ ᠤᠨ ᠵᠤᠷᠢᠭ ᠰᠠᠨᠠᠭ᠎ᠠ ᠶ᠋ᠢ ᠬᠦᠨᠵᠠᠭᠡᠢ ᠰᠤᠷᠤᠯᠴᠠᠨ ᠳᠤᠭᠤᠰᠢᠯᠠᠭᠤᠯᠵᠤ ᠂ ᠮᠠᠯᠴᠢᠨ ᠳᠠᠷᠢᠶᠠᠴᠢᠨ ᠤ ᠰᠤᠶᠤᠯ ᠤᠨ ᠠᠮᠢᠳᠤᠷᠠᠯ ᠢ ᠨᠠᠩ ᠢᠯᠡᠬᠦᠦ ᠪᠠᠶᠠᠯᠢᠭᠵᠢᠭᠤᠯᠬᠤ ᠶ᠋ᠢᠨ ᠳᠦᠯᠦᠭᠡ ᠂  9 ᠰᠠᠷ᠎ᠠ ᠶ᠋ᠢᠨ 17——24 ᠦ ᠡᠳᠤᠷ ᠪᠤᠯᠳᠠᠯ᠎ᠠ ᠶᠠᠪᠤᠭᠳᠠᠭᠰᠠᠨ ᠳᠤᠰ ᠤᠳᠠᠭᠠᠨ ᠤ ᠶᠡᠭᠡ ᠨᠠᠶᠢᠷ ‍ᠤᠨ ᠤᠳᠬ᠎ᠠ ᠤᠷᠠᠯᠢᠭ ᠤᠨ ᠳᠤᠭᠯᠠᠯᠳᠠ ᠶ᠋ᠢᠨ ᠳᠠᠯ᠎ᠠ ᠳ᠋ᠤ ᠂  ᠠᠵᠢᠯᠳᠠᠨ ᠠᠵᠢᠯᠴᠢᠨ ᠤ ᠳᠤᠰᠬᠠᠢ ᠳᠤᠭᠯᠠᠯᠳᠠ 1 ᠳᠠᠯᠠᠪᠤᠷ ᠂   ᠠᠷᠠᠳ ᠤᠨ ᠤᠳᠬ᠎ᠠ ᠤᠷᠠᠯᠢᠭ ᠤᠨ ᠪᠦᠯᠬᠦᠮ ᠦᠨ ᠳᠤᠰᠬᠠᠢ ᠳᠤᠭᠯᠠᠯᠳᠠ 3 ᠳᠠᠯᠠᠪᠤᠷ ᠂   ᠦᠨᠳᠤᠰᠤᠳᠠᠨ ᠤ ᠪᠦᠯᠬᠦᠮᠳᠠᠯ ᠳᠡᠪᠰᠢᠯᠳᠠ ᠶ᠋ᠢᠨ ᠭᠤᠤᠯ ᠰᠠᠳᠤᠪᠳᠤ ᠳᠤᠰᠬᠠᠢ ᠳᠤᠭᠯᠠᠯᠳᠠ 1 ᠳᠠᠯᠠᠪᠤᠷ  ᠪᠠ ᠤᠯᠠᠭᠠᠨᠮᠦᠴᠢᠷ ᠤᠨ ᠬᠢᠨ ᠦ ᠳᠤᠰᠬᠠᠢ ᠳᠤᠭᠯᠠᠯᠳᠠ 1 ᠳᠠᠯᠠᠪᠤᠷ  ᠳᠤᠬᠢᠷᠠᠭᠤᠯᠵᠦ ᠂ ᠬᠡᠯᠪᠠᠷᠢ ᠤᠯᠠᠨ ᠂ ᠡᠬᠦᠳᠤᠯᠳᠠ ᠰᠢᠨ᠎ᠠ ᠂ ᠠᠭᠤᠯᠭ᠎ᠠ ᠪᠠᠶᠠᠯᠢᠭ  ᠤᠯᠠᠨ ᠰᠠᠶᠢᠬᠠᠨ ᠳᠤᠭᠯᠠᠯᠳᠠ  ᠨᠢ ᠠᠷᠠᠳ ᠤᠯᠠᠨ ᠤ ᠰᠤᠨᠤᠷ ᠢ  ᠨᠢ ᠪᠠᠶᠠᠰᠬᠠᠵᠦ ᠂  ᠭᠡᠭᠡᠨ ᠮᠠᠯᠮᠠᠢ ᠶ᠋ᠢ ᠨᠢ ᠳᠤᠯᠢᠳᠠᠭᠤᠯᠤᠭᠰᠠᠨ ᠪᠠᠶᠢᠨ᠎ᠠ ᠃ ᠰᠤᠶᠤᠯ ᠤᠨ ᠨᠠᠶᠢᠷ ᠤᠨ ᠬᠤᠭᠤᠴᠠᠭᠠᠨ ᠳ᠋ᠤ ᠂ ᠪᠠᠰᠠ 30 ᠡᠩᠨᠡᠭᠡ《 ᠠᠷᠠᠳ ᠤᠨ ᠤᠯᠠᠭᠠᠨᠮᠦᠴᠢᠷ》 ᠪᠠ  5 ᠡᠩᠨᠡᠭᠡ《  ᠬᠠᠤᠯᠢ ᠪᠠᠷ ᠵᠠᠰᠠᠬᠤ ᠶ᠋ᠢ ᠤᠬᠠᠭᠤᠯᠬᠤ ᠤᠯᠠᠭᠠᠨᠮᠦᠴᠢᠷ》 ᠲᠤ ᠳᠤᠭ ᠤᠯᠭᠤᠵᠦ ᠂《 ᠨᠠᠮᠤᠷ ᠤᠨ ᠳᠠᠷᠭᠡᠯ    ᠰᠢᠯᠦᠭ ᠦᠨ ᠨᠠᠶᠢᠷ 》 ᠰᠢᠯᠦᠭ ᠳᠠᠭᠤᠨ ᠤ  ᠤᠷᠠᠨ ᠤᠩᠰᠢᠯᠭ᠎ᠠ ᠶ᠋ᠢᠨ ᠬᠦᠳᠡᠯᠭᠡᠭᠡᠨ ᠦᠷᠨᠢᠬᠦᠯᠦᠨ ᠂ 2017  ᠤᠨ ᠤ ᠤᠩᠰᠢᠯᠭ᠎ᠠ ᠶ᠋ᠢᠨ  ᠰᠢᠯᠢᠳᠡᠭ ᠬᠠᠮᠳᠤ ᠨᠢᠭᠡᠴᠢ ᠪᠠ ᠰᠢᠯᠢᠳᠡᠭ ᠬᠤᠪᠢ ᠬᠦᠮᠦᠨ ᠢ ᠱᠠᠩᠨᠠᠨ ᠬᠦᠬᠢᠬᠦᠯᠦᠭᠰᠡᠨ ᠪᠠᠶᠢᠨ᠎ᠠ ᠃  ᠡᠬᠦᠨ ᠦ ᠬᠠᠮᠳᠤ ᠦᠨᠳᠤᠰᠤᠨ ᠰᠠᠶᠢᠯᠤᠮᠡᠯ ᠂ ᠵᠠᠭᠤᠨ ᠴᠠᠢ ᠶ᠋ᠢᠨ ᠦᠵᠡᠬᠦᠯᠦᠯᠭᠡ ᠬᠢᠭᠡᠳ  ᠨᠤᠳᠤᠭ ᠤᠨ ᠰᠤᠶᠤᠯ ᠪᠤᠯᠪᠠᠰᠤᠨ ᠤ ᠪᠠᠷ ᠵᠢᠷᠤᠭ ᠤᠨ ᠦᠵᠡᠬᠦᠯᠦᠯᠭᠡ ᠶ᠋ᠢ ᠳᠡᠯᠭᠡᠨ ᠦᠵᠡᠬᠦᠯᠦᠭᠰᠡᠨ ᠪᠠᠶᠢᠨ᠎ᠠ ᠃ 


                                                      (  ᠪᠤᠤ ᠵᠢᠨ ᠯᠢᠶᠠᠨ  )
ᠢᠷᠡᠯᠳᠡ᠄ ᠨᠠᠶᠢᠷᠠᠭᠤᠯᠤᠭᠴᠢ᠄ ᠳᠤᠯᠠᠭᠠᠨ

ᠬᠠᠮᠢᠶ᠎ᠡ ᠪᠦᠬᠦᠢ ᠰᠣᠨᠢᠨ