ᠠᠵᠢᠯ ᠳ᠋ᠠᠭᠠᠨ ᠴᠢᠷᠮᠠᠶᠢᠯᠭ᠎ᠠ ᠶᠡᠬᠡᠲᠡᠢ ᠲᠤᠰᠢᠶᠠᠯ  ᠳ᠋ᠠᠭᠠᠨ ᠬᠠᠷᠢᠭᠤᠴᠠᠯᠭ᠎ᠠ ᠰᠠᠶᠢᠲᠠ--ᠯᠢᠦ ᠰᠢᠶᠣᠤ ᠯᠢ

ᠣᠩᠰᠢᠭᠰᠠᠨ ᠤᠳᠠᠭ᠎ᠠ ᠄ 6097     ᠨᠡᠶᠢᠳᠡᠯᠡᠭᠰᠡᠨ ᠴᠠᠭ ᠄ 2018/9/24 10:35:44

      ᠨᠠᠢᠮᠠᠨ ᠬᠤᠰᠢᠭᠤᠨ ᠤ ᠴᠢᠩ ᠯᠦᠩ ᠱᠠᠨ ᠪᠠᠯᠭᠠᠰᠤᠨ ᠤ ᠳᠡᠳ᠋ ᠳᠠᠷᠤᠭ᠎ᠠ ᠪᠦᠭᠡᠦᠨ ᠡᠮᠡᠭᠲᠡᠶᠢᠴᠦᠳ ᠦᠨ ᠬᠣᠯᠪᠤᠭᠠᠨ ᠤ ᠡᠷᠬᠢᠯᠡᠭᠴᠢ ᠶ᠋ᠢᠨ ᠲᠤᠰᠢᠶᠠᠯ ᠢ ᠬᠠᠪᠰᠤᠷᠭᠠᠨ ᠬᠠᠷᠢᠭᠤᠴᠠᠵᠤ ᠶᠠᠪᠤᠭ᠎ᠠ ᠯᠢᠦ ᠰᠢᠶᠣᠤ ᠯᠢ 2016 ᠣᠨ ᠤ 3 ᠰᠠᠷ᠎ᠠ ᠳ᠋ᠤ  ᠱᠠ ᠽᠢ ᠯᠢᠶᠠᠩ ᠲᠣᠰᠬᠤᠨ ᠳ᠋ᠤ ᠰᠠᠭᠤᠵᠤ ᠣᠨᠤᠪᠴᠢᠲᠠᠢ ᠪᠠᠷ ᠶᠠᠳᠠᠭᠤ ᠶ᠋ᠢ ᠳᠡᠦᠨᠬᠦᠬᠦ ᠠᠵᠢᠯ ᠢ  ᠭᠠᠷᠳᠠᠨ ᠬᠢᠵᠡᠢ ᠃
     ᠱᠠ ᠽᠢ ᠯᠢᠶᠠᠩ ᠲᠣᠰᠬᠤᠨ ᠨᠢ 6 ᠳᠤᠭᠤᠶᠢᠯᠠᠩ ᠲᠠᠢ 216 ᠡᠷᠦᠬᠡ 717 ᠬᠦᠮᠦᠨ ᠠᠮᠠ ᠲᠠᠢ ᠲᠠᠷᠠᠬᠠᠢ ᠪᠣᠳᠠᠷᠬᠠᠢ ᠰᠠᠭᠤᠷᠢᠰᠢᠨ ᠂ ᠭᠣᠤᠯᠳᠠᠭᠤ ᠡᠷᠳᠡᠨᠢ ᠰᠢᠰᠢ  ᠵᠡᠷᠭᠡ ᠲᠠᠷᠢᠮᠠᠯ ᠲᠠᠷᠢᠳᠠᠭ ᠃
      ᠲᠣᠰᠬᠤᠨ ᠳ᠋ᠤ ᠪᠠᠭᠤᠬᠰᠠᠨ ᠤ ᠡᠬᠢᠨ ᠳ᠋ᠦ ᠲᠡᠭᠦᠨ ᠳ᠋ᠦ ᠡᠶᠢᠮᠦ ᠨᠢᠭᠡᠨ ᠤᠴᠢᠷ ᠳᠣᠬᠢᠶᠠᠯᠳᠤᠨ ᠰᠠᠨᠳᠤᠷᠭᠠᠪᠠ ᠃ ᠲᠣᠰᠬᠤᠨ ᠤ ᠠᠷᠠᠳ ᠸᠸᠢ ᠲᠢᠩ ᠾᠢ ᠦᠷ᠎ᠡ ᠬᠡᠦᠬᠡᠳ  ᠨᠢ ᠲᠡᠭᠦᠨ ᠢ ᠠᠰᠠᠷᠠᠬᠤ ᠦᠭᠡᠢ ᠬᠡᠮᠡᠨ ᠲᠣᠰᠬᠤᠨ ᠤ ᠵᠥᠪᠯᠡᠯ ᠦᠨ ᠬᠤᠩᠬᠢᠯ ᠳ᠋ᠤ ᠬᠥᠨᠳᠡᠯᠡᠨ ᠬᠡᠪᠲᠡᠨ ᠪᠠᠷᠬᠢᠷᠠᠨ ᠤᠬᠢᠯᠠᠵᠤ ᠳᠡᠭᠡᠭᠰᠢ ᠵᠠᠭᠠᠯᠳᠤᠨ᠎ᠠ ᠭᠡᠵᠦ  ᠠᠭᠠᠰᠢᠯᠠᠬᠰᠠᠨ ᠳ᠋ᠤ ᠲᠡᠷᠡ ᠄ ︿ ︿ ᠴᠢᠨᠦ ᠠᠮᠢᠳᠤᠷᠠᠯ ᠳ᠋ᠤ ᠬᠦᠴᠢᠷ ᠪᠠᠶᠢᠪᠠᠯ ᠪᠢ ᠬᠡᠦᠬᠡᠳ ᠢ ᠴᠢᠨᠢ ᠡᠷᠢᠵᠦ ᠶᠠᠷᠢᠯᠴᠠᠶ᠎ᠠ ᠂ ᠬᠡᠷᠪᠡ ᠲᠡᠲᠡᠨᠦᠰ ᠦᠨᠡᠨᠬᠦ ᠳᠡᠦᠨᠬᠦᠨ ᠠᠰᠠᠷᠠᠬᠤ ᠦᠭᠡᠢ ᠪᠣᠯ ᠪᠢ ᠲᠣᠰᠬᠤᠨ ᠤ ᠵᠥᠪᠯᠡᠯ ᠦᠨ ᠨᠡᠷ᠎ᠡ ᠪᠡᠷ ᠵᠠᠷᠭᠤ ᠬᠢᠵᠦ ᠥᠭᠭᠦᠶ᠎ᠡ ﹀ ﹀ ᠭᠡᠰᠡᠨ ᠳ᠋ᠦ ᠸᠸᠢ ᠣᠪᠣᠬᠳᠦ ᠡᠴᠦᠰ ᠲᠡᠬᠡᠨ ᠵᠣᠭᠤᠰ ᠣᠯᠬᠤ ᠭᠡᠰᠡᠨ ᠪᠣᠳᠤᠯᠭᠠᠨ ᠤ ᠦᠭᠡ ᠪᠡᠨ ᠴᠣᠬᠤᠶᠢᠯᠭᠠᠵᠤ ᠂ ᠯᠢᠦ ᠰᠢᠶᠣᠤ ᠯᠢ ᠳᠠᠬᠢᠨ ᠳᠠᠪᠲᠠᠨ ᠶᠣᠰᠣ ᠤᠴᠢᠷ ᠲᠥᠷᠥ ᠶ᠋ᠢᠨ ᠪᠣᠳᠤᠯᠭ᠎ᠠ ᠶ᠋ᠢ ᠲᠠᠶᠢᠯᠪᠤᠷᠢᠯᠠᠨ ᠥᠭᠴᠦ ᠸᠸᠢ ᠣᠪᠤᠬᠳᠤ ᠶ᠋ᠢ ᠤᠬᠠᠭᠠᠷᠠᠭᠤᠯᠵᠠᠢ ᠃
     ᠶᠠᠳᠠᠭᠤ ᠶ᠋ᠢ ᠳᠡᠦᠨᠬᠦᠬᠦ ᠲᠥᠷᠥᠯ ᠵᠦᠢᠯ ᠠᠷᠠᠳ ᠲᠤ ᠠᠰᠢᠬᠲᠠᠢ ᠲᠥᠷᠥ ᠶ᠋ᠢᠨ ᠪᠣᠳᠤᠯᠭ᠎ᠠ ᠡᠨᠳᠡ ᠪᠡᠶᠡᠯᠡᠯ ᠢᠶ᠋ᠡᠨ ᠣᠯᠵᠤ ᠨᠠᠶᠢᠳᠠᠪᠤᠷᠢᠵᠢᠭᠤᠯᠤᠬᠳᠠᠬᠤ ᠶ᠋ᠢ ᠳᠠᠭᠠᠯᠳᠤᠨ ᠯᠢᠦ ᠰᠢᠶᠣᠤ ᠯᠢ ᠪᠣᠯᠣᠨ ᠲᠣᠰᠬᠤᠨ ᠤ ᠠᠷᠠᠳ ᠤᠨ ᠬᠠᠷᠢᠴᠠᠭ᠎ᠠ ᠤᠯᠠᠮ ᠨᠢᠬᠲᠠ ᠪᠣᠯᠵᠤ ᠂ ᠯᠢᠦ ᠰᠢᠶᠣᠤ ᠯᠢ ᠶ᠋ᠢᠨ ᠰᠡᠦᠨᠬᠢᠯ ᠳ᠋ᠦ ᠲᠣᠰᠬᠤᠨ ᠤ ᠠᠷᠠᠳ ᠳᠠᠩᠳᠠ ᠪᠣᠳᠤᠬᠳᠠᠬᠤ ᠪᠣᠯᠪᠠ ᠃ ᠯᠢ ᠲᠢᠶᠠᠨ ᠱᠸᠨ ᠦ ᠴᠢᠰᠤ ᠴᠠᠶᠢᠬᠤ ᠡᠪᠡᠦᠨᠴᠢᠨ ᠂ ᠮᠸᠩ ᠴᠢᠩ ᠰᠢᠶᠠᠩ ᠤᠨ ᠤᠯᠠᠭᠠᠨ ᠬᠣᠭᠣᠯᠠᠢ ᠶ᠋ᠢᠨ ᠦᠮᠠᠨ ᠂ ᠯᠢ ᠹᠸᠩ   ᠬᠦᠸ᠋ᠸ ᠪᠣᠯᠣᠨ ᠡᠬᠡᠨᠡᠷ ᠦᠨ ᠬᠢᠨ ᠠᠭᠤᠰᠬᠢᠨ ᠬᠠᠪᠤᠳᠠᠷ ᠂ ᠯᠢᠦ  ᠭᠦᠸ᠋ᠸ ᠯᠢᠶᠠᠩ ᠤᠨ ᠵᠡᠮᠳᠡᠭ ᠭᠠᠷ ᠭᠡᠬᠦ ᠮᠡᠳᠥ ᠶ᠋ᠢᠨ ᠲᠡᠷᠡ ᠣᠯᠠᠨ ᠭᠡᠷ ᠪᠦᠯᠢ ᠨᠦᠭᠥᠳ ᠤᠨ ᠵᠣᠯ ᠪᠣᠰᠤ ᠤᠴᠢᠷ ᠢ ᠳᠣᠳᠤᠷ᠎ᠠ ᠪᠠᠨ ᠳᠣᠬᠲᠠᠭᠠᠵᠤ ᠂ ᠡᠪᠡᠦᠨᠴᠢᠨ ᠵᠠᠰᠠᠬᠰᠠᠨ ᠰᠦᠢᠦᠨᠬᠡᠯ ᠢ ᠳᠠᠩᠰᠠᠨ ᠡᠴᠠ ᠴᠠᠶᠢᠷᠠᠭᠤᠯᠬᠤ ᠂ ᠡᠪᠡᠦᠨᠴᠢᠲᠡᠨ ᠢ ᠬᠠᠪᠰᠤᠷᠤᠨ ᠡᠮᠨᠡᠯᠭᠡ ᠳ᠋ᠦ ᠬᠦᠷᠭᠡᠬᠦ ᠂ ᠬᠤᠪᠢ ᠶ᠋ᠢᠨ ᠰᠦᠢᠦᠨᠬᠡᠯ ᠢᠶ᠋ᠡᠷ ᠢᠶ᠋ᠡᠨ ᠡᠪᠡᠦᠨᠴᠢᠲᠡᠨ ᠳ᠋ᠦ ᠡᠮ ᠲᠠᠩ  ᠬᠦᠷᠭᠡᠵᠦ ᠥᠭᠬᠦ  ᠵᠡᠷᠭᠡ ᠠᠷᠠᠳ ᠢ ᠬᠠᠷᠠᠭᠠᠯᠵᠠᠬᠰᠠᠨ ᠠᠷᠠᠳ ᠲᠤ ᠲᠥᠭᠦᠮ ᠦᠵᠡᠭᠦᠯᠦᠨ ᠲᠤᠰᠠᠯᠠᠬᠰᠠᠨ ᠣᠯᠠᠨ ᠠᠵᠢᠯ ᠢ ᠤᠬᠠᠮᠰᠠᠷ ᠡᠴᠠ ᠪᠠᠨ ᠢᠳᠡᠪᠬᠢᠲᠡᠢ ᠬᠢᠳᠡᠭ ᠪᠠᠶᠢᠪᠠ ᠃ ᠠᠵᠤ ᠤᠶᠢᠯᠡᠰ ᠢᠶᠠᠷ ᠶᠠᠳᠠᠭᠤ ᠶ᠋ᠢ ᠳᠡᠦᠨᠬᠦᠬᠦ ᠲᠥᠷᠥ ᠶ᠋ᠢᠨ ᠪᠣᠳᠤᠯᠭ᠎ᠠ ᠶ᠋ᠢ ᠡᠷᠦᠬᠡ ᠳ᠋ᠦ ᠨᠠᠶᠢᠳᠠᠪᠤᠷᠢᠵᠢᠭᠤᠯᠤᠨ ᠤᠶᠤᠨ ᠤᠬᠠᠭᠠᠨ ᠢᠶᠠᠷ ᠶᠠᠳᠠᠭᠤ ᠶ᠋ᠢ ᠳᠡᠦᠨᠬᠦᠬᠦ ᠤᠬᠠᠭᠤᠯᠭ᠎ᠠ  ᠲᠠᠶᠢᠯᠤᠮᠵᠢ ᠶ᠋ᠢ ᠰᠠᠶᠢᠳᠤᠷ ᠬᠢᠵᠦ ᠂ ᠨᠢᠭᠡ ᠡᠷᠦᠬᠡ ᠶ᠋ᠢ ᠲᠣᠭᠤᠷᠢᠨ ᠰᠣᠷᠪᠤᠯᠵᠢᠯᠠᠪᠠᠯ ᠳᠣᠳᠤᠷ᠎ᠠ ᠨᠢ ᠨᠢᠭᠡ ᠬᠤᠪᠢ ᠠᠮᠤᠷ ᠲᠥᠪᠰᠢᠨ ᠪᠣᠯᠵᠤ ᠨᠢᠭᠡ ᠬᠦᠴᠢᠷᠲᠡᠢ ᠡᠷᠦᠬᠡ ᠢᠯᠡᠷᠡᠪᠡᠯ ᠨᠢᠭᠡ ᠶ᠋ᠢ ᠬᠠᠪᠰᠤᠷᠤᠨ ᠳᠡᠦᠨᠬᠦᠵᠦ ᠴᠠᠭ ᠢᠮᠠᠬᠲᠠ ᠠᠷᠠᠳ ᠤᠨ ᠲᠥᠯᠦᠭᠡ ᠠᠷᠠᠳ ᠤᠨ ᠠᠮᠢᠳᠤᠷᠠᠯ ᠤᠨ ᠲᠥᠯᠦᠭᠡ ᠤᠶᠢᠯᠡᠴᠢᠯᠡᠵᠦ ᠶᠠᠪᠤᠨ᠎ᠠ ᠃
      ︿ ︿ ᠰᠢᠶᠣᠤ ᠯᠢ ᠪᠠᠶᠢᠩᠭᠤ ᠪᠢᠲᠡᠨ ᠬᠣᠶᠠᠷ ᠨᠠᠰᠤᠲᠠᠨ ᠢ ᠡᠷᠭᠢᠵᠦ ᠦᠵᠡᠨ᠎ᠡ ᠂ ᠢᠳᠡᠵᠦ ᠪᠠᠶᠢᠭ᠎ᠠ ᠪᠠᠷᠤᠬᠲᠠᠢ ᠶ᠋ᠢ ᠦᠵᠡᠪᠡᠯ ᠨᠤᠭᠤᠭ᠎ᠠ ᠬᠤᠳᠠᠯᠳᠤᠨ ᠠᠪᠴᠢᠷᠠᠨ᠎ᠠ ᠂ ᠦᠨᠡᠬᠡᠷ ᠲᠥᠷᠦᠭᠰᠡᠨ ᠦᠬᠢᠨ ᠲᠠᠢ ᠠᠳᠠᠯᠢ ﹀ ﹀ ᠭᠡᠵᠦ ᠯᠢᠦ   ᠭᠦᠸ᠋ᠸ ᠯᠢᠶᠠᠩ ᠪᠠᠶᠠᠷᠯᠠᠨ ᠶᠠᠷᠢᠨ᠎ᠠ ᠃ ᠶᠠᠳᠠᠭᠤ ᠡᠷᠦᠬᠡ ᠯᠢᠦ  ᠭᠦᠸ᠋ᠸ ᠯᠢᠶᠠᠩ ᠳ᠋ᠤ ᠠᠵᠤ ᠤᠶᠢᠯᠡᠰ ᠢᠶᠠᠷ ᠶᠠᠳᠠᠭᠤ ᠶ᠋ᠢ ᠳᠡᠦᠨᠬᠦᠬᠦ ᠪᠡᠯᠡ ᠮᠥᠩᠭᠥ ᠪᠡᠷ ᠡᠮ᠎ᠡ ᠡᠯᠵᠢᠭᠡ ᠠᠪᠴᠤ ᠥᠭᠭᠦᠨ ᠲᠡᠵᠢᠭᠡᠯᠬᠡᠭᠰᠡᠨ ᠪᠦᠭᠡᠦᠨ ᠡᠪᠡᠦᠨᠴᠢᠨ ᠲᠠᠢ ᠡᠨᠡ ᠬᠣᠶᠠᠷ ᠨᠠᠰᠤᠲᠠᠨ  ᠢ ᠳᠣᠤᠷ᠎ᠠ ᠪᠠᠳᠤᠯᠠᠭ᠎ᠠ ᠳ᠋ᠤ ᠣᠷᠤᠭᠤᠯᠵᠤ ᠂ ᠤᠯᠠᠭᠠᠨ ᠵᠠᠯᠠᠭᠠᠮᠠᠶᠢᠳᠤ ᠨᠡᠶᠢᠭᠡᠮᠯᠢᠭ ᠲᠠᠢ ᠬᠠᠷᠢᠯᠴᠠᠨ 4000 ᠲᠥᠭᠦᠷᠢᠭ ᠵᠣᠬᠢᠴᠠᠭᠤᠯᠤᠨ ᠠᠮᠢᠳᠤᠷᠠᠯ ᠳ᠋ᠦ᠋ᠨᠢ ᠳᠤᠰᠠᠯᠠᠵᠠᠢ ᠃ ︿ ︿ ᠰᠢᠶᠣᠤ ᠯᠢ ᠬᠡᠳᠦᠶᠢᠪᠡᠷ ᠨᠠᠰᠤ ᠵᠠᠯᠠᠭᠤ ᠪᠣᠯᠪᠠᠴᠤ ᠠᠵᠢᠯ ᠶᠠᠪᠤᠳᠠᠯ ᠳ᠋ᠤ ᠲᠤᠶᠢᠯ ᠤᠨ ᠬᠢᠨᠠᠮᠠᠭᠠᠢ ᠂ ᠬᠦᠴᠢᠷ ᠢ ᠲᠡᠰᠪᠦᠷᠢᠯᠡᠨ ᠭᠠᠰᠢᠭᠤᠨ ᠢ ᠠᠮᠰᠠᠨ᠎ᠠ ᠃ ᠴᠠᠭᠠᠨ ᠰᠠᠷ᠎ᠠ ᠡᠴᠠ ᠨᠠᠰᠢ ᠬᠣᠶᠠᠷᠬᠠᠨ ᠤᠳᠠᠭ᠎ᠠ ᠭᠡᠷ ᠲᠡᠬᠡᠨ ᠬᠠᠷᠢᠵᠤ ᠂ ᠲᠣᠰᠬᠤᠨ ᠤ ᠠᠷᠠᠳ ᠲᠥᠷᠥ ᠶ᠋ᠢᠨ ᠪᠣᠳᠤᠯᠭ᠎ᠠ ᠶ᠋ᠢ ᠤᠶᠢᠯᠠᠭᠠᠬᠤ ᠦᠭᠡᠢ ᠪᠣᠯ ᠠᠬᠢᠨ ᠳᠠᠬᠢᠨ ᠲᠠᠶᠢᠯᠪᠤᠷᠢᠯᠠᠵᠤ ᠂ ᠤᠴᠢᠷ ᠶᠠᠪᠤᠳᠠᠯ ᠲᠣᠬᠢᠶᠠᠯᠳᠤᠪᠠᠯ ᠴᠦᠮ ᠪᠢᠲᠡᠨ ᠯᠦᠭᠡ ᠵᠥᠪᠳᠡᠯᠴᠡᠨ ᠂ ᠯᠠᠷᠵᠠ ᠶᠠᠩᠪᠠ ᠦᠭᠡᠢ ﹀ ﹀ ᠭᠡᠵᠦ ᠲᠣᠰᠬᠤᠨ ᠳ᠋ᠤ ᠬᠠᠮᠳᠤ ᠰᠠᠭᠤᠭ᠎ᠠ ᠠᠵᠢᠯᠯᠠᠬᠤ ᠠᠩᠭᠢ ᠶ᠋ᠢᠨ ᠬᠡᠰᠢᠭᠦᠨ ᠸᠸᠢ ᠵᠢᠶᠡ ᠳᠣᠳᠤᠷᠠᠭᠤᠯᠤᠨ ᠶᠠᠷᠢᠨ᠎ᠠ ᠃
      ︿ ︿ ᠠᠩᠬ᠎ᠠ ᠡᠬᠢᠨ ᠳ᠋ᠦ ᠡᠨᠳᠡ ᠢᠷᠡᠭᠡᠳ ᠬᠦᠮᠦᠰ ᠲᠠᠢ ᠶᠠᠭᠤ ᠬᠡᠯᠡᠬᠦ ᠪᠡᠨ ᠣᠯᠵᠤ ᠶᠠᠳᠠᠨ᠎ᠠ ᠂ ᠠᠯᠭᠤᠷ ᠠᠭᠠᠵᠢᠮ ᠳ᠋ᠠᠭᠠᠨ ᠬᠡᠯᠡᠭᠡᠦᠨ ᠪᠠᠷᠠᠰᠢ ᠦᠭᠡᠢ ᠪᠣᠯᠣᠨ ᠰᠠᠨᠠᠬᠳᠠᠵᠤ ᠨᠢᠭᠡ ᠵᠦᠢᠯ ᠦᠨ ᠬᠠᠯᠠᠭᠤᠨ ᠲᠣᠳᠤᠨᠤᠰᠤᠭ ᠰᠡᠦᠨᠬᠢᠭᠳᠡᠯ  ᠲᠥᠷᠦᠭᠳᠡᠵᠦ ᠂ ᠡᠨᠳᠡᠬᠢ ᠠᠷᠠᠳ ᠲᠤ ᠣᠰᠤᠯᠳᠠᠯ ᠦᠭᠡᠢ ᠠᠵᠢᠯᠯᠠᠨ᠎ᠠ ﹀ ﹀ ᠭᠡᠵᠦ ᠯᠢᠦ ᠰᠢᠶᠣᠤ ᠯᠢ ᠢᠨᠢᠶᠡᠮᠰᠦᠭᠯᠡᠨ ᠬᠡᠯᠡᠨ᠎ᠡ ᠃
                                    ᠯᠢ ᠪᠤᠶᠠᠨᠴᠤᠬᠯᠠ
ᠢᠷᠡᠯᠳᠡ᠄ ᠨᠠᠶᠢᠷᠠᠭᠤᠯᠤᠭᠴᠢ᠄ ᠳᠤᠯᠠᠭᠠᠨ