ᠲᠠᠷᠭᠤᠨ ᠨᠠᠭᠤᠷ ᠤᠨ ᠳᠤᠷᠠᠰᠤᠮᠵᠢ

ᠣᠩᠰᠢᠭᠰᠠᠨ ᠤᠳᠠᠭ᠎ᠠ ᠄ 6251     ᠨᠡᠶᠢᠳᠡᠯᠡᠭᠰᠡᠨ ᠴᠠᠭ ᠄ 2018/9/22 10:06:47

ᠲᠠᠷᠭᠤᠨ ᠨᠠᠭᠤᠷ ᠤᠨ ᠳᠤᠷᠠᠰᠤᠮᠵᠢ

      ᠬᠣᠷᠢᠨ ᠣᠨ ᠤ ᠴᠠᠭᠠᠨ᠎ᠠ ᠪᠠᠶᠢᠵᠤ ᠪᠢᠯᠡ ᠃ ︿ ︿ ᠥᠯᠦᠭᠡᠢ ᠨᠤᠲᠤᠭ ᠤᠨ ᠦᠵᠡᠮᠵᠢ ᠶ᠋ᠢᠨ ᠣᠬᠢ ﹀ ﹀ ᠬᠡᠮᠡᠨ ᠲᠠᠷᠭᠤᠨ ᠨᠠᠭᠤᠷ ᠤᠨ ᠳᠣᠬᠠᠢ ᠡᠩᠶᠡᠷᠦᠮᠳᠡᠭ ᠨᠠᠶᠢᠷᠠᠭᠤᠯᠤᠯ ᠪᠢᠴᠢᠵᠦ ᠣᠷᠣᠨ ᠨᠤᠲᠤᠭ ᠤᠨ ᠮᠤᠩᠭᠤᠯ ᠰᠣᠨᠢᠨ ᠰᠡᠦᠨᠬᠦᠯ ᠳ᠋ᠡᠬᠡᠨ ᠨᠡᠶᠢᠲᠡᠯᠡᠭᠦᠯᠵᠦ ᠂ ᠲᠠᠷᠭᠤᠨ ᠨᠠᠭᠤᠷ ᠢᠶᠡᠨ ᠬᠣᠷᠸ᠎ᠠ ᠳᠡᠯᠡᠬᠡᠢ ᠶ᠋ᠢᠨ ᠬᠣᠲᠠᠯᠠ ᠣᠯᠠᠨ ᠳ᠋ᠤ ᠮᠡᠳᠡᠭᠦᠯᠦᠨ ᠭᠠᠶᠢᠬᠠᠭᠤᠯᠵᠤ ᠬᠤᠪᠢ ᠪᠡᠶ᠎ᠡ ᠪᠡᠷ ᠢᠶ᠋ᠡᠨ ᠬᠥᠭᠰᠡᠨ ᠪᠠᠶᠠᠰᠴᠤ     ᠪᠠᠶᠢᠬᠰᠠᠨ ᠃           

     ᠣᠳᠣᠬᠠᠨ ᠳ᠋ᠤ ᠲᠠᠷᠭᠤᠨ ᠨᠠᠭᠤᠷ ᠮᠠᠨᠢ ᠤᠰᠤ ᠪᠠᠨ ᠠᠯᠳᠠᠵᠤ ᠦᠵᠡᠮᠵᠢ ᠪᠡᠨ ᠪᠠᠷᠠᠵᠤ ᠤᠤᠭᠠᠯ ᠨᠡᠷ᠎ᠡ ᠨᠢ ᠴᠤ ᠲᠡᠶᠢᠮᠦ ᠣᠯᠠᠨ ᠶᠠᠷᠢᠬᠳᠠᠬᠤ ᠪᠠᠨ ᠪᠠᠶᠢᠵᠤ ᠳᠠᠮᠠᠢ ᠠᠷᠪᠢᠨ ᠰᠣᠨᠤᠰᠳᠠᠬᠤ ᠪᠠᠨ ᠪᠣᠯᠢᠵᠠᠢ ᠃ ᠨᠡᠬᠡᠷᠡᠨ ᠬᠠᠷᠠᠮᠰᠠᠯ ᠪᠣᠯᠵᠤ ᠰᠠᠨᠠᠬᠳᠠᠨ᠎ᠠ ᠪᠢᠯᠡ ᠃ ᠡᠶᠢᠨᠬᠦ ᠲᠠᠷᠭᠤᠨ ᠨᠠᠭᠤᠷ ᠮᠠᠨᠢ ᠬᠡᠳᠦᠶᠢᠪᠡᠷ ᠬᠠᠲᠠᠨ ᠰᠢᠷᠭᠢᠵᠦ ᠪᠠᠷ᠎ᠠ ᠲᠠᠰᠤ ᠪᠣᠯᠤᠬᠰᠠᠨ ᠪᠣᠯᠪᠠᠴᠤ ᠠᠯᠳᠠᠷ ᠨᠡᠷ᠎ᠡ ᠶ᠋ᠢ ᠨᠢ ᠠᠰᠢᠳᠠ ᠮᠥᠩᠬᠡᠷᠡᠭᠦᠯᠦᠶ᠎ᠡ ᠬᠡᠮᠡᠨ ᠪᠣᠳᠤᠵᠤ ᠬᠤᠪᠢ ᠪᠡᠶ᠎ᠡ ᠨᠢᠭᠡᠨ ᠨᠣᠮ ᠢᠶᠡᠨ ︿ ︿ ᠲᠠᠷᠭᠤᠨ ᠨᠠᠭᠤᠷ ﹀ ﹀ ᠬᠡᠮᠡᠨ ᠨᠡᠷᠡᠯᠡᠭᠰᠡᠨ ᠪᠠᠶᠢᠵᠤ ᠡᠳᠦᠭᠡ ᠡᠨᠡ ᠬᠦ ︿ ︿ ᠲᠠᠷᠭᠤᠨ ᠨᠠᠭᠤᠷ ᠤᠨ ᠳᠤᠷᠠᠰᠤᠮᠵᠢ ﹀ ﹀ ᠪᠡᠨ ᠳᠥᠭᠦᠮᠬᠡᠨ ᠲᠣᠭᠤᠷᠪᠢᠨ ᠪᠢᠴᠢᠭᠰᠡᠨ ᠮᠢᠨᠢ ᠡᠨᠡ ᠪᠠᠶᠢᠨᠠᠮ ᠃

     ᠲᠠᠷᠭᠤᠨ ᠨᠠᠭᠤᠷ ᠮᠠᠨ ᠤ ᠪᠠᠭᠠᠪᠡᠷᠬᠡ ᠶ᠋ᠢᠨ ᠡᠮᠦᠨ᠎ᠡ ᠡᠩᠭᠡᠷ ᠲᠦ ᠣᠷᠤᠰᠢᠨ ᠂ ᠨᠠᠢᠮᠠᠨ ᠬᠤᠰᠢᠭᠤᠨ ᠤ ᠲᠥᠪ ᠪᠠᠯᠭᠠᠰᠤ ᠲᠠᠴᠠᠶ᠋ᠢᠨᠲᠠᠯ᠎ᠠ ᠡᠴᠠ ᠪᠠᠷᠠᠭᠤᠨ ᠬᠣᠶᠢᠳᠤ ᠴᠢᠭᠯᠡᠯ ᠲᠠᠬᠢ 10 ᠭᠠᠵᠠᠷ ᠤᠨ ᠵᠠᠢ ᠲᠠᠢ ᠪᠠᠶᠢᠷᠢᠰᠢᠵᠤ ᠪᠠᠶᠢᠬᠰᠠᠨ ᠃ ᠪᠠᠭᠠᠪᠡᠷᠬᠡ ᠶ᠋ᠢᠨ ᠰᠠᠭᠤᠭ᠎ᠠ ᠰᠤᠮᠤ ᠶ᠋ᠢᠨ ᠲᠥᠪ ᠡᠴᠡ ᠲᠠᠴᠠ ᠶ᠋ᠢᠨ ᠲᠠᠯ᠎ᠠ ᠬᠦᠷᠬᠦ ᠵᠠᠰᠠᠮᠠᠯ ᠵᠠᠮ ᠶᠠᠭ ᠰᠠᠶᠢᠬᠠᠨ ᠲᠠᠷᠭᠤᠨ ᠨᠠᠭᠤᠷ ᠤᠨ  ᠵᠡᠭᠦᠨ ᠵᠠᠬ᠎ᠠ ᠪᠠᠷ ᠭᠠᠷᠳᠠᠭ ᠪᠠᠶᠢᠵᠠᠢ ᠃ ᠲᠣᠬᠠᠢ ᠶ᠋ᠢᠨ ᠦᠶ᠎ᠡ ᠳ᠋ᠦ ᠲᠠᠴᠠᠶ᠋ᠢᠨᠲᠠᠯ᠎ᠠ ᠬᠦᠷᠬᠦᠶ᠎ᠡ ᠲᠠᠷᠭᠤᠨ ᠨᠠᠭᠤᠷ ᠨᠢ ᠵᠠᠮ ᠤᠨ ᠳᠣᠮᠳᠠᠬᠢ ᠨᠢᠭᠡᠨ ᠣᠨᠴᠠ ᠰᠠᠶᠢᠨ ᠰᠡᠦᠨᠬᠢᠯ ᠢ ᠰᠡᠷᠭᠦᠭᠡᠨ ᠰᠠᠨᠠᠭ᠎ᠠ ᠶ᠋ᠢ ᠠᠷᠢᠭᠤᠣᠨᠬᠠᠬᠤ ᠦᠵᠡᠮᠵᠢ ᠶ᠋ᠢᠨ ᠰᠠᠶᠢᠬᠠᠨ ᠲᠠᠷᠬᠠᠨ ᠣᠷᠣᠨ ᠪᠠᠶᠢᠵᠤ  ᠂  ᠪᠣᠳᠤᠯ ᠤᠨ ᠪᠣᠷᠳᠤᠭ ᠪᠡᠶ᠎ᠡ ᠶ᠋ᠢᠨ ᠭᠬᠢᠷ ᠢ ᠪᠦᠬᠦᠨ ᠢ ᠠᠷᠢᠯᠭᠠᠨ  ᠤᠶᠢᠯᠡᠴᠢᠯᠡᠳᠡᠭ ᠪᠠᠶᠢᠬᠰᠠᠨ ᠃
     ᠵᠠᠷᠢᠮ ᠪᠢᠴᠢᠭ ᠲᠦ ᠲᠠᠷᠭᠤᠨ ᠨᠠᠭᠤᠷ ᠢ ᠯᠢᠶᠣᠤ ᠤᠯᠤᠰ ᠤᠨ ᠦᠶ᠎ᠡ ᠳ᠋ᠦ ᠪᠤᠢ ᠪᠣᠯᠵᠠᠢ ᠬᠡᠮᠡᠨ ᠲᠡᠮᠳᠡᠭᠯᠠᠵᠦ ᠵᠠᠷᠢᠮ  ᠮᠡᠳᠡᠭᠡᠯᠡᠯ ᠳ᠋ᠦ ᠶᠤᠸᠠᠨ ᠤᠯᠤᠰ ᠤᠨ ᠦᠶᠡᠰ ᠲᠦ ᠪᠤᠢ ᠪᠣᠯᠵᠠᠢ ᠭᠡᠵᠦ ᠪᠠᠶᠢᠨ᠎ᠠ ᠃ ᠶᠠᠭᠤ ᠪᠣᠯᠤᠬᠰᠠᠨ ᠴᠤ ᠬᠡᠳᠦᠨ ᠵᠠᠭᠤ ᠮᠢᠩᠭᠠᠭᠠᠳ ᠣᠨ ᠤ ᠲᠡᠦᠬᠡ ᠲᠠᠢ ᠨᠠᠭᠤᠷ ᠪᠣᠯᠤᠨ᠎ᠠ ᠃ ᠲᠠᠷᠭᠤᠨ ᠨᠠᠭᠤᠷ ᠲᠤ ᠬᠣᠷᠢ ᠭᠠᠷᠤᠢ ᠲᠥᠷᠥᠯ ᠦᠨ ᠵᠢᠭᠠᠰᠤ ᠪᠠᠶᠢᠵᠤ ᠂ ᠡᠭᠦᠨ ᠳ᠋ᠦ ᠤᠯᠠᠭᠠᠨ ᠰᠡᠭᠦᠯᠲᠦ ᠮᠥᠷᠭᠥ ᠵᠢᠭᠠᠰᠤ ᠳᠡᠯᠡᠬᠡᠢ ᠲᠠᠶᠠᠭᠠᠷ ᠠᠯᠳᠠᠷᠰᠢᠵᠠᠢ ᠃ ᠲᠠᠷᠭᠤᠨ ᠨᠠᠭᠤᠷ ᠤᠨ ᠤᠯᠠᠭᠠᠨ ᠰᠡᠭᠦᠯᠲᠦ ᠮᠥᠷᠭᠥ ᠵᠢᠭᠠᠰᠤ ᠶ᠋ᠢᠨ ᠬᠠᠶᠢᠷ ᠨᠢ ᠲᠥᠭᠦᠷᠢᠭ ᠂ ᠪᠦᠬᠦ ᠪᠡᠶ᠎ᠡ ᠨᠢ ᠤᠯᠠᠭᠠᠪᠲᠤᠷ ᠂ ᠠᠮᠲᠠ ᠨᠢ ᠰᠢᠨ᠎ᠡ ᠰᠣᠷᠭᠣᠭ ᠪᠠᠶᠢᠳᠠᠭ ᠃ 1972 ᠣᠨ ᠳ᠋ᠤ ᠶᠠᠫᠤᠨ ᠤ ᠲᠡᠷᠢᠭᠦᠨ ᠰᠠᠶᠢᠳ ᠳᠣᠮᠳᠠᠳᠤ ᠤᠯᠤᠰ ᠲᠤ ᠠᠶᠢᠯᠴᠢᠯᠠᠬᠤ ᠳ᠋ᠠᠭᠠᠨ ᠂ ᠵᠸᠦ  ᠡᠸ᠋ᠨ ᠯᠠᠢ ᠶᠡᠷᠦᠩᠬᠡᠢ ᠰᠠᠶᠢᠳ ᠲᠤ ᠂ ᠨᠠᠢᠮᠠᠨ ᠬᠤᠰᠢᠭᠤᠨ ᠤ ᠤᠯᠠᠭᠠᠨ ᠰᠡᠭᠦᠯᠲᠦ ᠮᠥᠷᠭᠥ ᠵᠢᠭᠠᠰᠤ ᠶ᠋ᠢ ᠢᠳᠡᠵᠦ ᠥᠩᠭᠡᠷᠡᠵᠡᠢ ᠂ ᠥᠨᠦᠷ ᠠᠮᠲᠠ ᠶ᠋ᠢ ᠨᠢ ᠣᠳᠤ ᠪᠣᠯᠲᠠᠯ᠎ᠠ ᠮᠠᠷᠲᠠᠭ᠎ᠠ ᠦᠭᠡᠢ ᠭᠡᠰᠡᠨ ᠪᠦᠭᠡᠦᠨ ᠵᠸᠦ ᠶᠡᠷᠦᠩᠬᠡᠢ ᠰᠠᠶᠢᠳ ᠢ ᠲᠣᠰ ᠵᠢᠭᠠᠰᠤ ᠶ᠋ᠢ ᠠᠮᠲᠠᠯᠠᠭᠤᠯᠬᠤ ᠶ᠋ᠢ ᠬᠦᠰᠡᠵᠡᠢ  ᠭᠡᠨ᠎ᠡ ᠃ ᠡᠭᠦᠪᠡᠷ ᠵᠸᠦ ᠶᠡᠷᠦᠩᠬᠡᠢ ᠰᠠᠶᠢᠳ ᠤᠨ ᠲᠣᠬᠢᠷᠠᠭᠤᠯᠭ᠎ᠠ ᠪᠠᠷ ᠲᠠᠷᠭᠤᠨ ᠨᠠᠭᠤᠷ ᠤᠨ ᠤᠯᠠᠭᠠᠨ ᠰᠡᠭᠦᠯᠲᠦ ᠮᠥᠷᠭᠥ ᠵᠢᠭᠠᠰᠤ ᠤᠯᠤᠰ ᠤᠨ ᠳᠠᠶᠢᠯᠠᠯᠭ᠎ᠠ ᠶ᠋ᠢᠨ ᠨᠡᠷᠡᠲᠦ ᠢᠳᠡᠭᠡᠨ ᠪᠣᠯᠤᠬᠰᠠᠨ ᠪᠠᠶᠢᠨ᠎ᠠ ᠃ 1990 ᠣᠨ ᠳ᠋ᠤ ᠰᠣᠯᠤᠩᠭᠤᠰ ᠤᠨ ᠤᠳᠤᠷᠢᠳᠤᠬᠴᠢ ᠵᠢᠨ ᠿᠢ ᠴᠸᠩ ᠳᠣᠮᠳᠠᠳᠤ ᠤᠯᠤᠰ ᠲᠤ ᠠᠶᠢᠯᠴᠢᠯᠠᠭᠠᠳ ᠮᠦᠨ ᠡᠨᠡ ᠬᠦ ᠤᠯᠠᠭᠠᠨ ᠰᠡᠭᠦᠯᠲᠦ ᠮᠥᠷᠭᠥ ᠵᠢᠭᠠᠰᠤ ᠶ᠋ᠢ ᠠᠮᠲᠠᠯᠠᠬᠤ ᠬᠦᠰᠡᠯ ᠲᠠᠢ ᠪᠠᠨ ᠶᠠᠷᠢᠵᠠᠢ ᠃ ᠡᠭᠦᠨ ᠡᠴᠡ ᠲᠣᠰ ᠵᠢᠭᠠᠰᠤ  ᠨᠢ ᠵᠢᠨ ᠿᠢ ᠴᠸᠩ ᠦᠨ ᠨᠠᠰᠤᠨ ᠪᠠᠶᠠᠷ ᠢ ᠪᠡᠯᠡᠭᠯᠡᠬᠦ ᠢᠳᠡᠭᠡᠨ ᠪᠣᠯᠵᠤ ᠰᠣᠯᠤᠩᠭᠤᠰ ᠲᠤ ᠬᠦᠷᠭᠡᠭᠳᠡᠭᠰᠡᠨ ᠪᠠᠶᠢᠨ᠎ᠠ ᠃ ︿ ︿ ᠮᠢᠩᠭᠠᠨ ᠣᠨ ᠤ ᠵᠢᠭᠠᠰᠤᠨ ᠦᠷ᠎ᠡ ﹀ ﹀ ᠭᠡᠳᠡᠭ ᠃ ᠲᠠᠷᠭᠤᠨ ᠨᠠᠭᠤᠷ ᠳᠠᠬᠢᠨ ᠰᠡᠷᠭᠦᠨ ᠪᠤᠢ ᠪᠣᠯᠪᠠᠯ ᠤᠯᠠᠭᠠᠨ ᠰᠡᠭᠦᠯᠲᠦ ᠮᠥᠷᠭᠥ ᠵᠢᠭᠠᠰᠤ ᠦᠷᠡᠵᠢᠨ ᠲᠥᠯᠵᠢᠬᠦ ᠨᠢ ᠯᠠᠪᠲᠠᠢ ᠪᠠᠶᠢᠭ᠎ᠠ ᠃
     ᠨᠠᠢᠮᠠᠨ ᠨᠤᠲᠤᠭ ᠤᠨ ᠨᠡᠷ᠎ᠡ ᠠᠯᠳᠠᠷ ᠡᠬᠢ ᠪᠠᠶᠠᠯᠢᠭ ᠢ ᠨᠠᠷᠠᠳᠣ ᠬᠣᠷᠸ᠎ᠠ ᠳ᠋ᠤ ᠳᠠᠭᠤᠷᠢᠰᠤᠭᠤᠯᠤᠨ ᠥᠩᠭᠡ ᠦᠵᠡᠮᠵᠢ ᠪᠡᠨ ᠣᠷᠣᠨ ᠨᠤᠲᠤᠭ ᠲᠠᠭᠠᠨ ᠭᠠᠶᠢᠬᠠᠭᠤᠯᠵᠤ ᠠᠬᠰᠠᠨ ᠲᠠᠷᠭᠤᠨ ᠨᠠᠭᠤᠷ ᠮᠠᠨᠢ ᠣᠯᠠᠨ ᠵᠦᠢᠯ ᠦᠨ ᠤᠴᠢᠷ ᠰᠢᠯᠲᠠᠭᠠᠨ ᠡᠴᠠ ᠪᠣᠯᠵᠤ ᠨᠢᠭᠡ ᠮᠡᠳᠡᠬᠦ ᠳ᠋ᠦ ᠨᠡᠶᠢᠲᠡ ᠶ᠋ᠢᠨ ᠣᠨ ᠲᠣᠭᠠᠯᠠᠯ ᠤᠨ 2001 ᠣᠨ ᠤ 5 ᠰᠠᠷ᠎ᠠ ᠶ᠋ᠢᠨ ᠳᠣᠮᠳᠠᠴᠢ ᠪᠠᠷ ᠳᠡᠯᠡᠬᠡᠢ ᠶ᠋ᠢᠨ ᠪᠥᠮᠪᠦᠷᠴᠡᠭ ᠡᠴᠡ ᠠᠶᠠᠷᠯᠠᠨ ᠣᠣᠨᠴᠠᠢ ᠃ ᠡᠶᠢᠨᠬᠦ ᠂ ᠨᠠᠢᠮᠠᠨ ᠨᠤᠲᠤᠭ ᠤᠨ ᠬᠦᠮᠦᠰ ᠢ ᠪᠠᠬᠲᠠᠭᠠᠬᠰᠠᠨ ᠨᠤᠲᠤᠭ ᠤᠰᠤᠨ ᠳ᠋ᠠᠭᠠᠨ ᠬᠠᠶᠢᠷᠠᠲᠠᠢ ᠲᠡᠷᠡ ᠣᠯᠠᠨ ᠬᠦᠮᠦᠰ ᠦᠨ ᠰᠡᠦᠨᠬᠢᠯ ᠳ᠋ᠦ ᠬᠠᠷᠠᠮᠰᠠᠯ ᠬᠠᠷᠭᠤᠰᠤᠯ ᠬᠠᠮᠳᠤ ᠪᠠᠷ ᠪᠠᠭᠤᠬᠰᠠᠨ ᠪᠠᠶᠢᠭ᠎ᠠ ᠃
     ᠡᠷᠲᠡᠮᠲᠡᠦᠨ ᠤᠨ ᠦᠵᠡᠬᠦ ᠪᠡᠷ ᠂ ᠬᠦᠮᠦᠨ ᠲᠥᠷᠦᠯᠬᠢᠲᠡᠨ ᠦ ᠵᠣᠬᠢᠰ ᠦᠭᠡᠢ ᠠᠵᠤ ᠠᠬᠤᠢ ᠶ᠋ᠢᠨ ᠠᠵᠢᠯᠯᠠᠭ᠎ᠠ ᠂ ᠣᠨᠴᠠᠭᠠᠶᠢᠯᠠᠨ ᠪᠡᠯᠴᠢᠭᠡᠷ ᠦᠨ ᠳᠠᠭᠠᠭᠠᠴᠠ ᠡᠴᠠ ᠬᠡᠳᠦᠷᠡᠲᠡᠯ᠎ᠡ ᠮᠠᠯᠵᠢᠬᠰᠠᠨ ᠂ ᠳᠤᠷ᠎ᠠ ᠪᠠᠷ ᠠᠲᠠᠷ ᠬᠠᠭᠠᠯᠪᠤᠷᠢᠯᠠᠨ ᠲᠠᠷᠢᠶᠠᠯᠠᠩ ᠤᠨ ᠲᠠᠯᠠᠪᠠᠢ ᠶ᠋ᠢ ᠥᠷᠭᠡᠵᠢᠭᠦᠯᠦᠭᠰᠡᠨ ᠂ ᠲᠠᠷᠭᠤᠨ ᠨᠠᠭᠤᠷ ᠤᠨ ᠤᠰᠤᠨ ᠤ ᠡᠬᠢ ᠪᠠᠶᠠᠯᠢᠭ ᠤᠨ ᠳᠠᠭᠠᠭᠠᠴᠠ ᠡᠴᠠ ᠬᠡᠳᠦᠷᠡᠲᠡᠯ᠎ᠡ ᠵᠢᠭᠠᠰᠤᠨ ᠤ ᠠᠵᠤ ᠤᠶᠢᠯᠡᠰ ᠢ ᠬᠥᠭᠵᠢᠭᠦᠯᠦᠭᠰᠡᠨ ᠪᠣᠯ ᠲᠠᠷᠭᠤᠨ ᠨᠠᠭᠤᠷ ᠤᠨ ᠰᠢᠷᠭᠢᠨ ᠬᠠᠲᠠᠬᠰᠠᠨ ᠴᠢᠬᠤᠯᠠ ᠰᠢᠯᠲᠠᠭᠠᠨ ᠪᠣᠯᠬᠤ ᠶᠤᠮ ᠃ ᠡᠭᠦᠨ ᠦ ᠬᠠᠮᠳᠤ ᠳᠠᠰᠤᠷᠠᠯᠲᠠ ᠦᠭᠡᠢ ᠬᠡᠴᠡᠭᠦᠳᠡᠭᠰᠡᠨ ᠠᠭᠤᠷ ᠠᠮᠢᠰᠬᠤᠯ ᠤᠨ ᠨᠥᠭᠦᠴᠡᠯ ᠨᠢ ᠲᠠᠷᠭᠤᠨ ᠨᠠᠭᠤᠷ ᠤᠨ ᠠᠮᠢ ᠠᠬᠤᠢ ᠶ᠋ᠢᠨ ᠲᠡᠩᠴᠡᠭᠦᠷᠢ ᠶ᠋ᠢ ᠨᠡᠩ ᠬᠡᠪᠡᠷᠡᠭ ᠪᠣᠯᠭᠠᠵᠤ ᠲᠠᠷᠭᠤᠨ ᠨᠠᠭᠤᠷ ᠤᠨ ᠰᠢᠷᠭᠢᠬᠦ ᠶ᠋ᠢ ᠲᠥᠷᠭᠡᠦᠨᠬᠡᠵᠡᠢ ᠭᠡᠵᠦ ᠪᠤᠢ ᠃ ᠥᠭᠡᠷ᠎ᠡ ᠪᠡᠷ ᠬᠡᠯᠡᠪᠡᠯ ᠂ ᠬᠦᠮᠦᠨ ᠦ ᠬᠥᠴᠥᠰᠦ ᠪᠣᠯᠣᠨ ᠠᠭᠤᠷ ᠠᠮᠢᠰᠬᠤᠯ ᠤᠨ ᠬᠥᠴᠥᠰᠦ ᠶ᠋ᠢᠨ ᠬᠠᠮᠳᠤ ᠶ᠋ᠢᠨ ᠨᠥᠯᠦᠭᠡᠯᠡᠯ ᠨᠢ ᠲᠠᠷᠭᠤᠨ ᠨᠠᠭᠤᠷ ᠤᠨ ᠰᠢᠷᠭᠢᠬᠦ ᠬᠠᠨᠳᠤᠰᠢ ᠶ᠋ᠢ ᠪᠤᠢ ᠪᠣᠯᠭᠠᠵᠠᠢ ᠃ ᠲᠠᠷᠭᠤᠨ ᠨᠠᠭᠤᠷ ᠤᠨ ᠣᠷᠴᠢᠨ ᠲᠣᠭᠤᠷᠢᠨ ᠤ ᠣᠳᠣᠬᠢ ᠪᠠᠶᠢᠭᠠᠯᠢ ᠠᠮᠢ ᠠᠬᠤᠢ ᠶ᠋ᠢ ᠰᠠᠶᠢᠳᠤᠷ ᠬᠠᠮᠠᠭᠠᠯᠠᠬᠤ ᠳ᠋ᠤ ᠡᠷᠬᠡᠪᠰᠢ ᠬᠦᠮᠦᠨ ᠲᠥᠷᠦᠯᠬᠢᠲᠡᠨ ᠦ ᠵᠣᠬᠢᠰ ᠦᠭᠡᠢ ᠠᠵᠢᠯᠯᠠᠭ᠎ᠠ ᠶ᠋ᠢ ᠬᠣᠷᠢᠬᠯᠠᠬᠤ ᠪᠠᠷ ᠭᠣᠤᠯᠳᠠᠯᠭ᠎ᠠ ᠪᠣᠯᠭᠠᠵᠤ ᠂ ᠲᠠᠷᠭᠤᠨ ᠨᠠᠭᠤᠷ ᠤᠨ ᠣᠷᠴᠢᠨ ᠤ ᠣᠶᠢᠵᠢᠭᠤᠯᠤᠯᠲᠠ ᠶ᠋ᠢᠨ ᠪᠦᠳᠦᠭᠡᠨ ᠪᠠᠶᠢᠭᠤᠯᠤᠯᠲᠠ ᠶ᠋ᠢ ᠰᠠᠶᠢᠳᠤᠷ ᠬᠢᠪᠡᠯ ᠰᠠᠶᠢ ᠲᠠᠷᠭᠤᠨ ᠨᠠᠭᠤᠷ ᠤᠨ ᠪᠠᠶᠢᠭᠠᠯᠢ ᠠᠮᠢ ᠠᠬᠤᠢ ᠶ᠋ᠢᠨ ᠥᠷᠬᠦᠯᠵᠢᠯᠡᠨ ᠡᠪᠳᠡᠭᠳᠡᠬᠦ ᠶ᠋ᠢ ᠬᠣᠷᠢᠬᠯᠠᠵᠤ ᠴᠢᠳᠠᠨ᠎ᠠ ᠭᠡᠵᠦ  ᠡᠷᠳᠡᠮᠲᠡᠳ ᠦᠵᠡᠬᠦ ᠶ᠋ᠢᠨ ᠳᠠᠭᠠᠤ ᠤᠷᠢᠶᠠᠯᠠᠵᠤ ᠪᠠᠶᠢᠨ᠎ᠠ ᠃
       ᠲᠠᠷᠭᠤᠨ ᠨᠠᠭᠤᠷ ᠮᠠᠨᠢ ᠳᠠᠬᠢᠨᠲᠠ ᠰᠡᠷᠭᠦᠨ ᠪᠤᠢ ᠪᠣᠯᠤᠭᠠᠰᠠᠢ ︕ ᠤᠯᠠᠭᠠᠨ ᠰᠡᠭᠦᠯᠲᠦ ᠮᠥᠷᠭᠥ ᠵᠢᠭᠠᠰᠤ ᠲᠥᠯᠵᠢᠨ ᠦᠷᠡᠵᠢᠭᠡᠰᠡᠢ ︕
       ᠲᠠᠷᠭᠤᠨ ᠨᠠᠭᠤᠷ ᠲᠡᠦᠬᠡᠨ ᠨᠠᠭᠤᠷ ᠳᠡᠷᠭᠡᠲᠡ ᠪᠠᠶᠢᠬᠰᠠᠨ ᠲᠡᠷᠭᠡᠯ  ᠨᠠᠭᠤᠷ ᠲᠠ ᠪᠢᠳᠡᠨ ᠦ ᠳᠤᠷᠠᠰᠤᠮᠵᠢ ᠨᠠᠭᠤᠷ ᠡ ᠃

                                  ᠯᠢ ᠪᠤᠶᠠᠨᠴᠤᠬᠯᠠ
ᠢᠷᠡᠯᠳᠡ᠄ ᠨᠠᠶᠢᠷᠠᠭᠤᠯᠤᠭᠴᠢ᠄ ᠳᠤᠯᠠᠭᠠᠨ