ᠨᠠᠢᠮᠠᠨ ᠬᠤᠰᠢᠭᠤ ᠵᠥᠪ ᠡᠨ᠋ᠸᠷᠭᠢ ᠶ᠋ᠢᠨ ᠨᠡᠶᠢᠳᠡᠯᠢᠭ ᠵᠢᠱᠢᠶᠡᠴᠢ ᠶ᠋ᠢ ᠡᠭᠦᠳᠦᠨ ᠪᠠᠶᠢᠭᠤᠯᠵᠤ ᠠᠳᠠᠯᠢᠣᠨᠬᠠᠨ ᠰᠢᠯᠭᠠᠷᠠᠭᠤᠯᠬᠤ ᠠᠵᠢᠯᠯᠠᠭ᠎ᠠ ᠶ᠋ᠢ ᠢᠳᠡᠪᠬᠢᠲᠡᠢ ᠥᠷᠨᠢᠭᠦᠯᠦᠨᠦᠷ᠎ᠡ ᠪᠦᠳᠦᠮᠵᠢ ᠰᠠᠶᠢᠲᠠᠢ ᠪᠠᠶᠢᠨ᠎ᠠ

ᠣᠩᠰᠢᠭᠰᠠᠨ ᠤᠳᠠᠭ᠎ᠠ ᠄ 36     ᠨᠡᠶᠢᠳᠡᠯᠡᠭᠰᠡᠨ ᠴᠠᠭ ᠄ 2018/9/21 10:00:52

     ᠨᠠᠢᠮᠠᠨ ᠬᠤᠰᠢᠭᠤ ᠤᠶᠤᠨ ᠤᠬᠠᠭᠠᠨ ᠢᠶᠠᠷ ᠶᠠᠳᠠᠭᠤ ᠶ᠋ᠢ ᠳᠡᠦᠨᠬᠦᠬᠦ ᠶᠠᠪᠤᠴᠠ ᠳᠣᠮᠳᠠ ᠂ ᠡᠯ᠎ᠡ ᠰᠠᠯᠠᠭ᠎ᠠ ᠮᠦᠴᠢᠷ ᠢᠳᠡᠪᠬᠢᠲᠡᠢ ᠬᠦᠳᠡᠯᠦᠯᠴᠡᠨ ᠨᠢᠭᠡᠨ ᠢᠵᠢ ᠱᠠᠳᠤ ᠳᠠᠷᠠᠭᠠᠯᠠᠬᠰᠠᠨ ᠲᠡᠷᠢᠭᠦᠨ ᠦ ᠵᠥᠪ ᠡᠨ᠋ᠸᠷᠭᠢ ᠶ᠋ᠢᠨ ᠨᠡᠶᠢᠲᠡᠯᠢᠭ ᠵᠢᠱᠢᠶᠡᠴᠢ ᠶ᠋ᠢ ᠡᠭᠦᠳᠦᠨ ᠪᠠᠶᠢᠭᠤᠯᠵᠤ ᠠᠳᠠᠯᠢᠣᠨᠬᠠᠨ ᠰᠢᠯᠭᠠᠷᠠᠭᠤᠯᠬᠤ ᠠᠵᠢᠯᠯᠠᠭᠠᠨ ᠢ ᠢᠳᠡᠪᠬᠢᠲᠡᠢ ᠥᠷᠨᠢᠭᠦᠯᠦᠨ ᠦᠷ᠎ᠡ ᠪᠦᠳᠦᠮᠵᠢ ᠰᠠᠶᠢᠲᠠᠢ ᠪᠠᠶᠢᠨ᠎ᠠ᠃ ᠭᠡᠷ ᠪᠦᠯᠢ ᠶ᠋ᠢᠨ ᠲᠠᠯ᠎ᠠ ᠳ᠋ᠤ ᠂ ︿ ︿ ᠠᠷᠢᠭᠤᠨ ᠴᠡᠪᠡᠷ ᠭᠡᠷ ᠪᠦᠯᠢ ﹀ ﹀ ᠂ ︿ ︿ ᠭᠣᠶᠣ ᠰᠠᠶᠢᠬᠠᠨ ᠬᠦᠷᠢᠶ᠎ᠡ ᠬᠠᠰᠢᠶ᠎ᠠ ﹀ ﹀᠂ ︿ ︿ ᠬᠠᠮᠤᠭ ᠭᠣᠶᠣ ᠭᠡᠷ ᠪᠦᠯᠢ ﹀ ﹀ ᠂ ︿ ︿ ᠪᠣᠯᠪᠠᠰᠤᠨ ᠭᠡᠷ ᠪᠦᠯᠢ ﹀ ﹀ ᠂ ︿ ︿ ᠶᠣᠰᠣ ᠰᠣᠷᠲᠠᠬᠤᠨ ᠤ ᠵᠢᠱᠢᠶᠡᠴᠢ ﹀ ﹀ ᠂ ︿ ︿ ᠬᠠᠪᠢ ᠳ᠋ᠠᠬᠢ ᠰᠠᠶᠢᠨ  ᠬᠦᠮᠦᠨ ﹀ ﹀ ᠂ ︿ ︿ ᠪᠠᠶᠠᠵᠢᠯ ᠤᠨ ᠴᠢᠳᠠᠪᠤᠷᠢᠲᠠᠨ ﹀ ﹀ ᠵᠡᠷᠭᠡ ᠡᠯ᠎ᠡ ᠵᠦᠢᠯ ᠦᠨ ᠨᠡᠶᠢᠲᠡᠯᠢᠭ ᠵᠢᠱᠢᠶ᠎ᠡ ᠶ᠋ᠢ ᠰᠢᠯᠭᠠᠷᠠᠭᠤᠯᠬᠤ ᠠᠵᠢᠯᠯᠠᠭ᠎ᠠ ᠶ᠋ᠢ ᠡᠭᠦᠳᠦᠨ ᠥᠷᠨᠢᠭᠦᠯᠵᠡᠢ ᠃ ᠭᠠᠴᠠᠭ᠎ᠠ ᠲᠣᠰᠬᠤᠨ ᠤ ᠲᠠᠯ᠎ᠠ ᠳ᠋ᠤ ᠂ ︿ ︿ ᠭᠣᠶᠣ ᠦᠵᠡᠮᠵᠢᠳᠦ ᠭᠠᠴᠠᠭ᠎ᠠ ᠲᠣᠰᠬᠤᠨ ﹀ ﹀ ᠂ ︿ ︿ ᠰᠣᠶᠣᠯᠲᠤ ᠲᠣᠰᠬᠤᠨ ﹀ ﹀ ᠂ ︿ ︿ ᠪᠣᠯᠪᠠᠰᠤᠨ ᠭᠠᠴᠠᠭ᠎ᠠ ᠲᠣᠰᠬᠤᠨ ﹀ ﹀ ᠵᠡᠷᠭᠡ ᠶ᠋ᠢ ᠰᠢᠯᠭᠠᠷᠠᠭᠤᠯᠬᠤ ᠠᠵᠢᠯᠯᠠᠭ᠎ᠠ ᠥᠷᠨᠢᠭᠦᠯᠵᠡᠢ ᠃ ᠡᠯ᠎ᠡ ᠵᠦᠢᠯ ᠦᠨ ᠢᠷᠠᠭᠤ ᠠᠯᠳᠠᠷ ᠤᠨ ᠫᠠᠶᠢᠰᠠ ᠲᠡᠮᠳᠡᠭ ᠢ ᠭᠠᠴᠠᠭ᠎ᠠ ᠲᠣᠰᠬᠤᠨ ᠂ ᠰᠤᠮᠤ ᠪᠠᠯᠭᠠᠰᠤ ᠂ ᠬᠤᠰᠢᠭᠤ ᠭᠣᠷᠪᠠᠨ ᠳᠡᠰ ᠬᠣᠪᠢᠶᠠᠵᠤ ᠂ ᠲᠡᠰ ᠲᠡᠰ ᠢᠶ᠋ᠡᠷ ᠳᠡᠪᠰᠢᠬᠦ ᠲᠥᠷᠢᠮ ᠢ ᠬᠡᠷᠡᠭᠵᠢᠭᠦᠯᠦᠨ ᠂ ᠬᠤᠰᠢᠭᠤᠨ ᠤ ᠢᠷᠠᠭᠤ ᠠᠯᠳᠠᠷ ᠢ ᠬᠦᠷᠲᠡᠭᠰᠡᠦᠨ ᠢ ᠬᠢᠨᠠᠨ ᠰᠢᠯᠭᠠᠵᠤ ᠪᠠᠶᠢᠴᠠᠭᠠᠨ ᠪᠠᠷᠢᠮᠵᠢᠶᠠᠨ ᠳ᠋ᠤ ᠬᠦᠷᠪᠡᠯ ᠬᠣᠲᠠ ᠶ᠋ᠢᠨ ᠲᠡᠰ ᠲᠦ ᠮᠡᠳᠡᠭᠦᠯᠦᠨ᠎ᠡ ᠃ ᠭᠡᠷ ᠪᠦᠯᠢ ᠪᠠ ᠭᠠᠴᠠᠭ᠎ᠠ ᠲᠣᠰᠬᠤᠨ ᠤ ᠫᠠᠶᠢᠰᠠ ᠲᠡᠮᠳᠡᠭ ᠢ ᠪᠠᠷᠢᠮᠵᠢᠶᠠᠨ ᠳ᠋ᠤ ᠬᠦᠷᠪᠡᠰᠦ ᠣᠯᠭᠤᠵᠤ ᠂ ᠪᠠᠶᠢᠴᠠᠭᠠᠯᠲᠠ ᠪᠠᠷ ᠳᠠᠮᠵᠢᠨ ᠪᠠᠷᠢᠮᠵᠢᠶᠠᠨ ᠳ᠋ᠤ ᠬᠦᠷᠬᠦ ᠦᠭᠡᠢ ᠪᠣᠯᠪᠠᠯ ᠢᠷᠠᠭᠤ ᠠᠯᠳᠠᠷ ᠤᠨ ᠫᠠᠶᠢᠰᠠ ᠲᠡᠮᠳᠡᠭ ᠢ ᠨᠢ ᠠᠪᠴᠤ ᠂ ᠥᠷᠭᠡᠨ ᠣᠯᠠᠨ ᠲᠦᠮᠡᠨ ᠦ ᠤᠬᠠᠮᠰᠠᠷ ᠡᠴᠠ ᠪᠠᠨ ᠢᠷᠠᠭᠤ ᠠᠯᠳᠠᠷ ᠢᠴᠢᠭᠦᠷᠢ ᠭᠤᠳᠤᠮᠰᠢᠭ ᠢ ᠮᠡᠳᠡᠵᠦ ᠲᠥᠪ ᠰᠤᠷᠲᠠᠯ ᠢ ᠪᠠᠷᠢᠮᠲᠠᠯᠠᠨ ᠲᠡᠷᠢᠭᠦᠨ ᠳ᠋ᠦ᠋ᠨᠢ ᠭᠠᠷᠬᠤ ᠪᠠᠷ ᠮᠡᠷᠡᠶᠢᠨ ᠴᠢᠷᠮᠠᠶᠢᠬᠤ ᠰᠠᠶᠢᠨ ᠰᠠᠶᠢᠬᠠᠨ ᠬᠡᠪ ᠰᠤᠷᠲᠠᠯ ᠢ ᠪᠤᠢ ᠪᠣᠯᠭᠠᠵᠤ ᠪᠠᠶᠢᠨ᠎ᠠ ᠃
     ᠠᠵᠢᠯᠯᠠᠭᠠᠨ ᠥᠷᠨᠢᠭᠰᠡᠨ ᠡᠴᠡ ᠨᠠᠰᠢ ᠂ ᠪᠦᠬᠦ ᠬᠤᠰᠢᠭᠤᠨ ᠳ᠋ᠤ ᠡᠯ᠎ᠡ ᠵᠦᠢᠯ ᠦᠨ ᠨᠡᠶᠢᠲᠡᠯᠢᠭ ᠵᠢᠱᠢᠶᠡᠨ ᠦ ᠡᠷᠦᠬᠡ ᠶ᠋ᠢ ᠨᠡᠶᠢᠲᠡ 9 ᠲᠦᠮᠡ ᠭᠠᠷᠤᠢ ᠰᠢᠯᠭᠠᠷᠠᠭᠤᠯᠤᠨ ᠭᠠᠷᠭᠠᠵᠤ ᠂ ᠨᠢᠬᠡᠳᠦᠯᠲᠡᠢ ᠵᠣᠬᠢᠶᠠᠬᠰᠠᠨ ᠭᠠᠴᠠᠭ᠎ᠠ ᠲᠣᠰᠬᠤᠨ ᠤ ᠠᠷᠠᠳ ᠤᠨ ᠡᠭᠦᠳᠡᠨ ᠫᠠᠶᠢᠰᠠ ᠶ᠋ᠢ 94419 ᠳᠠᠷᠬᠠᠭᠠᠵᠠᠢ ᠃ ᠣᠳᠣᠬᠠᠨ ᠳ᠋ᠤ ᠂ ᠤᠯᠤᠰ ᠤᠨ ᠲᠡᠰ ᠦᠨ ᠪᠣᠯᠪᠠᠰᠤᠨ ᠲᠣᠰᠬᠤᠨ 2 ᠂ ᠣᠷᠣᠨ ᠤ ᠲᠡᠰ ᠦᠨ ᠪᠣᠯᠪᠠᠰᠤᠨ ᠲᠣᠰᠬᠤᠨ 11 ᠂ ᠬᠣᠲᠠ ᠶ᠋ᠢᠨ ᠲᠡᠰ ᠦᠨ ᠪᠣᠯᠪᠠᠰᠤᠨ  ᠲᠣᠰᠬᠤᠨ 40 ᠪᠣᠯᠵᠤ ᠂ ᠣᠷᠣᠨ ᠤ ᠲᠡᠰ ᠦᠨ ᠪᠣᠯᠪᠠᠰᠤᠨ ᠭᠡᠷ ᠪᠦᠯᠢ 1 ᠡᠷᠦᠬᠡ ᠂ ᠬᠣᠲᠠ ᠶ᠋ᠢᠨ ᠲᠡᠰ ᠦᠨ ᠪᠣᠯᠪᠠᠰᠤᠨ  ᠭᠡᠷ ᠪᠦᠯᠢ 2 ᠡᠷᠦᠬᠡ  ᠭᠠᠷᠴᠤ ᠪᠤᠢ ᠃
    ᠤᠶᠢᠯᠡᠳᠦᠯᠭᠡ ᠭᠡᠷᠡᠴᠢᠯᠡᠭᠰᠡᠨ ᠨᠢ ᠂ ᠠᠯᠢᠪᠠ ᠰᠢᠯᠭᠠᠷᠠᠭᠤᠯᠬᠤ ᠵᠥᠪ ᠡᠨ᠋ᠸᠷᠭᠢ ᠶ᠋ᠢᠨ ᠠᠵᠢᠯᠯᠠᠭ᠎ᠠ ᠨᠢ ᠰᠤᠷᠤᠯᠴᠠᠬᠤ ᠭᠦᠢᠴᠡᠬᠦ ᠳᠠᠪᠠᠬᠤ ᠠᠭᠤᠷ ᠠᠮᠢᠰᠬᠤᠯ ᠢ ᠪᠤᠢ ᠪᠣᠯᠭᠠᠨ ᠡᠷᠡᠭᠦᠯ ᠰᠠᠷᠠᠭᠤᠯ ᠢᠶᠠᠷ ᠠᠬᠢᠨ ᠳᠠᠪᠰᠢᠬᠤ ᠰᠠᠶᠢᠨ ᠰᠠᠶᠢᠬᠠᠨ ᠬᠡᠪ ᠰᠤᠷᠲᠠᠯ ᠢ ᠰᠢᠯᠭᠠᠷᠠᠭᠤᠯᠤᠨ ᠭᠠᠷᠭᠠᠵᠤ ᠂ ᠨᠡᠶᠢᠭᠡᠮ ᠦᠨ ᠡᠶ᠎ᠡ ᠵᠣᠬᠢᠴᠠᠩᠭᠤᠢ ᠬᠥᠭᠵᠢᠯᠲᠡ ᠳᠠᠪᠰᠢᠯᠲᠠ ᠪᠣᠯᠣᠨ ᠶᠠᠳᠠᠭᠤ ᠡᠴᠠ ᠠᠩᠭᠢᠵᠢᠷᠠᠭᠤᠯᠬᠤ ᠰᠢᠪᠳᠤᠯᠤᠯᠲᠠ ᠶ᠋ᠢ ᠬᠦᠴᠦᠲᠡᠢ ᠪᠤᠳᠠᠲᠠᠢ ᠠᠬᠢᠭᠤᠯᠵᠤ ᠪᠠᠶᠢᠨ᠎ᠠ ᠃    
                                                           ᠪᠤᠶᠠᠨᠴᠤᠬᠯᠠ
ᠢᠷᠡᠯᠳᠡ᠄ ᠨᠠᠶᠢᠷᠠᠭᠤᠯᠤᠭᠴᠢ᠄ ᠳᠤᠯᠠᠭᠠᠨ

ᠬᠠᠮᠢᠶ᠎ᠡ ᠪᠦᠬᠦᠢ ᠰᠣᠨᠢᠨ