ᠠᠯᠢᠪᠠ ᠬᠦᠮᠦᠰ ᠲᠦ ᠲᠠᠯᠠᠷᠬᠠᠬᠤ ᠬᠡᠷᠡᠭᠲᠡᠢ

ᠣᠩᠰᠢᠭᠰᠠᠨ ᠤᠳᠠᠭ᠎ᠠ ᠄ 6975     ᠨᠡᠶᠢᠳᠡᠯᠡᠭᠰᠡᠨ ᠴᠠᠭ ᠄ 2018/9/19 9:43:08

    ᠬᠦᠮᠦᠰ ᠲᠦ᠋ᠷ ᠲᠠᠯᠠᠷᠬᠠᠬᠤ ᠠᠨᠤ ᠪᠣᠯᠪᠠᠰᠤᠨ ᠮᠤᠷᠠᠯ ᠲᠠᠢ ᠪᠣᠯᠪᠠᠰᠤᠷᠠᠯ ᠰᠠᠶᠢᠲᠠᠢ ᠪᠠᠶᠢᠭ᠎ᠠ ᠶ᠋ᠢᠨ ᠪᠣᠳᠠᠳᠤ ᠨᠢᠭᠡᠨ ᠢᠯᠡᠷᠡᠯ ᠪᠣᠯᠬᠤ ᠨᠢ ᠲᠡᠷᠡ ᠃
    ︿ ︿ ᠠᠯᠢᠪᠠ ᠬᠦᠮᠦᠰ  ᠲᠦ ᠲᠠᠯᠠᠷᠬᠠᠬᠤ ᠬᠡᠷᠡᠭᠲᠡᠢ ﹀ ﹀ ᠭᠡᠵᠦ ᠪᠢ ᠬᠣᠪᠢᠨ ᠳ᠋ᠦ ᠪᠡᠨ ᠵᠣᠬᠢᠶᠠᠨ ᠬᠡᠯᠡᠵᠦ ᠪᠠᠶᠢᠭ᠎ᠠ ᠪᠢᠰᠢ ᠬᠠᠷᠢᠨ ᠰᠤᠳᠤᠷ ᠨᠣᠮ ᠳ᠋ᠦ ᠪᠢᠴᠢᠭᠳᠡᠵᠦ ᠪᠠᠶᠢᠭ᠎ᠠ ᠶ᠋ᠢ ᠣᠯᠵᠤ ᠤᠩᠰᠢᠬᠰᠠᠨ ᠢᠶᠡᠨ ᠶᠠᠷᠢᠵᠤ ᠪᠠᠶᠢᠨ᠎ᠠ ᠃ ︿ ︿ ᠰᠡᠦᠨᠬᠢᠯ ᠢ ᠲᠤᠶᠠᠭᠠᠯᠠᠬᠤᠢ ᠪᠢᠯᠢᠭ ᠦᠨ ᠵᠤᠯᠠ ᠬᠡᠮᠡᠬᠦ ᠰᠤᠳᠤᠷ ᠣᠷᠤᠰᠢᠪᠠᠢ ﹀ ﹀ ᠬᠡᠮᠡᠬᠦ ᠰᠤᠳᠤᠷ ᠨᠣᠮ ᠳ᠋ᠦ ︿ ︿ ᠴᠢᠮ᠎ᠠ ᠶ᠋ᠢ ᠬᠣᠤᠷᠯᠠᠬᠰᠠᠨ ᠬᠦᠮᠦᠨ ᠳ᠋ᠦ ᠲᠠᠯᠠᠷᠬᠠᠬᠤ ᠬᠡᠷᠡᠭᠲᠡᠢ ᠂ ᠤᠴᠢᠷ ᠨᠢ ᠲᠡᠷᠡ ᠴᠢᠨᠦ ᠵᠣᠷᠢᠭ ᠢ ᠬᠠᠲᠠᠭᠤᠵᠢᠭᠤᠯᠤᠬᠰᠠᠨ ᠶᠤᠮ ᠃ ᠴᠢᠮ᠎ᠠ ᠶ᠋ᠢ ᠮᠡᠬᠡᠯᠡᠭᠰᠡᠨ ᠬᠦᠮᠦᠨ ᠳ᠋ᠦ ᠲᠠᠯᠠᠷᠬᠠᠬᠤ ᠬᠡᠷᠡᠭᠲᠡᠢ ᠂ ᠤᠴᠢᠷ ᠨᠢ ᠲᠡᠷᠡ ᠴᠢᠨᠦ ᠤᠬᠠᠭᠠᠨ ᠮᠡᠳᠡᠯᠭᠡ ᠶ᠋ᠢ ᠨᠡᠮᠡᠭᠳᠡᠭᠦᠯᠦᠭᠰᠡᠨ ᠶᠤᠮ ᠃ ᠴᠢᠮ᠎ᠠ ᠶ᠋ᠢ ᠲᠠᠰᠢᠭᠤᠷᠳᠠᠬᠰᠠᠨ ᠬᠦᠮᠦᠨ ᠳ᠋ᠦ ᠲᠠᠯᠠᠷᠬᠠᠬᠤ ᠬᠡᠷᠡᠭᠲᠡᠢ ᠂ ᠤᠴᠢᠷ ᠨᠢ ᠲᠡᠷᠡ ᠴᠢᠨᠦ ᠨᠢᠭᠦᠯ ᠢ ᠠᠷᠢᠯᠭᠠᠬᠰᠠᠨ ᠶᠤᠮ ᠃ ᠴᠢᠮ᠎ᠠ ᠶ᠋ᠢ ᠬᠠᠶᠠᠵᠤ ᠣᠷᠬᠢᠬᠰᠠᠨ ᠬᠦᠮᠦᠨ ᠳ᠋ᠦ ᠲᠠᠯᠠᠷᠬᠠᠬᠤ ᠬᠡᠷᠡᠭᠲᠡᠢ ᠂ ᠤᠴᠢᠷ ᠨᠢ ᠲᠡᠷᠡ ᠴᠢᠮ᠎ᠠ ᠳ᠋ᠦ ᠪᠡᠶ᠎ᠡ ᠪᠡᠨ ᠳᠠᠭᠠᠭᠠᠬᠤ ᠶ᠋ᠢ ᠰᠤᠷᠭᠠᠬᠰᠠᠨ ᠶᠤᠮ ᠃ ᠴᠢᠮ᠎ᠠ ᠶ᠋ᠢ ᠪᠦᠳᠦᠷᠢᠭᠦᠯᠦᠭᠰᠡᠨ ᠬᠦᠮᠦᠨ ᠳ᠋ᠦ ᠲᠠᠯᠠᠷᠬᠠᠬᠤ ᠬᠡᠷᠡᠭᠲᠡᠢ ᠂ ᠤᠴᠢᠷ ᠨᠢ ᠲᠡᠷᠡ ᠴᠢᠨᠦ ᠴᠢᠳᠠᠪᠤᠷᠢ ᠶ᠋ᠢ ᠴᠢᠩᠭᠠᠷᠠᠭᠤᠯᠤᠬᠰᠠᠨ ᠶᠤᠮ ᠃ ᠴᠢᠮ᠎ᠠ ᠶ᠋ᠢ ᠪᠤᠷᠤᠭᠤᠰᠢᠶᠠᠬᠰᠠᠨ ᠬᠦᠮᠦᠨ ᠳ᠋ᠦ ᠲᠠᠯᠠᠷᠬᠠᠬᠤ ᠬᠡᠷᠡᠭᠲᠡᠢ ᠂ ᠤᠴᠢᠷ ᠨᠢ ᠲᠡᠷᠡ ᠴᠢᠨᠦ ᠣᠶᠣᠨ ᠪᠢᠯᠢᠭ ᠢ ᠬᠥᠭᠵᠢᠭᠡᠭᠰᠡᠨ ᠶᠤᠮ ᠃ ᠴᠢᠮ᠎ᠠ ᠶ᠋ᠢ ᠠᠮᠵᠢᠯᠲᠠ ᠪᠦᠳᠦᠭᠡᠯ ᠳ᠋ᠡᠬᠡᠨ ᠢᠲᠡᠭᠡᠯ ᠲᠠᠢ ᠪᠣᠯᠭᠠᠬᠰᠠᠨ ᠠᠯᠢᠪᠠ ᠬᠦᠮᠦᠰ ᠲᠦ ᠲᠠᠯᠠᠷᠬᠠᠬᠤ ᠬᠡᠷᠡᠭᠲᠡᠢ ﹀ ﹀ ᠭᠡᠵᠦ ᠲᠡᠮᠳᠡᠭᠯᠡᠭᠳᠡᠨ ᠤᠩᠰᠢᠬᠳᠠᠵᠤ  ︿ ︿ ᠰᠠᠶᠢᠨ ᠬᠦᠮᠦᠨ ᠳ᠋ᠦ ᠥᠰ ᠦᠭᠡᠢ ﹀ ﹀ ᠭᠡᠰᠡᠨ ᠦᠭᠡ ᠪᠡᠶᠡᠯᠡᠯ ᠢᠶ᠋ᠡᠨ ᠣᠯᠵᠤ ᠪᠣᠳᠤᠬᠳᠠᠨ᠎ᠠ ᠪᠢᠯᠡ᠃
     ᠨᠠᠷᠢᠨ ᠲᠤᠩᠭᠠᠨ ᠨᠢᠮᠪᠠᠢ ᠪᠣᠳᠤᠬᠤᠶ᠎ᠠ ᠨᠡᠬᠡᠷᠡᠨ ᠡᠶᠢᠮᠦ ᠪᠦᠯᠦᠭᠡ ᠃ ᠬᠦᠮᠦᠨ ᠦ ᠨᠠᠰᠤᠨ ᠲᠤᠷᠰᠢᠬᠢ  ᠠᠵᠢᠯ ᠠᠮᠢᠳᠤᠷᠠᠯ ᠤᠨ ᠠᠶᠠᠨ ᠤ ᠰᠤᠷᠭᠠᠮᠵᠢ ᠪᠤᠶᠤ ᠲᠣᠷᠰᠢᠯᠭ᠎ᠠ ᠨᠢ ᠢᠩᠭᠢᠵᠦ ᠯᠠ ᠬᠣᠷᠠᠮᠳᠤᠨ ᠪᠦᠳᠦᠵᠦ ᠬᠦᠮᠦᠰ ᠲᠦ ᠤᠬᠠᠭ᠎ᠠ ᠰᠡᠭᠡᠭᠡ ᠣᠷᠤᠭᠤᠯᠳᠠᠭ ᠠᠵᠢ ᠃ ᠡᠨᠡ ᠨᠢ ᠤᠴᠢᠷ ᠶᠠᠪᠤᠳᠠᠯ ᠢ ᠰᠠᠶᠢᠨ ᠲᠠᠯ᠎ᠠ ᠵᠥᠪ ᠲᠠᠯ᠎ᠠ ᠪᠠᠷ ᠢᠯᠡᠭᠦᠬᠡᠨ ᠪᠣᠳᠤᠯᠬᠢᠯᠠᠬᠤ ᠨᠢ ᠬᠤᠪᠢ ᠪᠡᠶ᠎ᠡ ᠶ᠋ᠢᠨ  ᠦᠵᠡᠯ ᠰᠡᠦᠨᠬᠢᠯ ᠂ ᠡᠷᠡᠭᠦᠯ  ᠡᠩᠬᠡ ᠂ ᠤᠶᠢᠯᠡ ᠶᠠᠪᠤᠳᠠᠯ ᠶᠠᠭᠤ ᠪᠦᠬᠦᠨ ᠳ᠋ᠦ ᠴᠦᠮ ᠠᠰᠢᠭ ᠲᠠᠢ ᠪᠣᠯᠬᠤ ᠶ᠋ᠢ ᠰᠡᠩᠬᠡᠷᠡᠭᠦᠯᠦᠨ ᠰᠤᠷᠭᠠᠬᠰᠠᠨ ᠮᠡᠷᠭᠡᠨ ᠰᠤᠷᠭᠠᠯ ᠪᠣᠯᠵᠤ ᠲᠠᠭᠠᠷᠠᠨ᠎ᠠ ᠃
    ᠬᠦᠮᠦᠨ ᠳ᠋ᠦ ᠲᠠᠯᠠᠷᠬᠠᠬᠤ ᠨᠢ ᠬᠦᠮᠦᠨ ᠦ ᠰᠡᠦᠨᠬᠢᠯ ᠢ ᠣᠯᠳᠠᠭ ᠮᠦᠷᠳᠡᠭᠡᠨ ᠬᠤᠪᠢ ᠶ᠋ᠢᠨ ᠪᠡᠶ᠎ᠡ ᠴᠤ ᠲᠠᠶᠢᠪᠤᠰᠢᠷᠠᠨ ᠰᠡᠦᠨᠬᠢᠯ ᠰᠠᠨᠠᠭ᠎ᠠ ᠠᠭᠤᠵᠢᠷᠠᠳᠠᠭ ᠪᠠᠶᠢᠭ᠎ᠠ ᠃ ᠬᠦᠮᠦᠨ ᠪᠦᠬᠦᠨ ᠲᠠᠯᠠᠷᠬᠠᠯ ᠭᠦᠢᠴᠡᠦᠨᠬᠡᠬᠦ ᠨᠢ ᠨᠡᠶᠢᠭᠡᠮ ᠦᠨ ᠡᠶ᠎ᠡ ᠵᠣᠬᠢᠴᠠᠯ ᠢ ᠪᠠᠳᠤᠯᠠᠨ ᠬᠠᠮᠠᠭᠠᠯᠠᠬᠤ ᠳ᠋ᠦ ᠴᠢᠬᠤᠯᠠ ᠤᠶᠢᠯᠡᠳᠦᠯ ᠦᠵᠡᠭᠦᠯᠬᠦ ᠨᠢ ᠳᠠᠮᠵᠢᠭ ᠦᠭᠡᠢ ᠯᠠᠪᠲᠠᠢ ᠶᠤᠮ ᠃
                                     ᠯᠢ ᠪᠤᠶᠠᠨᠴᠤᠬᠯᠠ
ᠢᠷᠡᠯᠳᠡ᠄ ᠨᠠᠶᠢᠷᠠᠭᠤᠯᠤᠭᠴᠢ᠄