ᠤᠶᠤᠨ ᠢ ᠨᠢ ᠳᠡᠦᠨᠬᠦᠨ ᠵᠣᠷᠢᠭ ᠢ ᠨᠢ ᠡᠷᠴᠢᠯᠡᠳᠡᠭ ᠡᠮᠡᠭᠲᠡᠢ ᠺᠠᠳ᠋ᠷ -- ᠯᠢ ᠯᠢᠨᠠ

ᠣᠩᠰᠢᠭᠰᠠᠨ ᠤᠳᠠᠭ᠎ᠠ ᠄ 6626     ᠨᠡᠶᠢᠳᠡᠯᠡᠭᠰᠡᠨ ᠴᠠᠭ ᠄ 2018/9/18 9:33:45

    ᠯᠢ  ᠯᠢᠨᠠ ᠪᠣᠯ ᠨᠠᠢᠮᠠᠨ ᠬᠤᠰᠢᠭᠤᠨ ᠤ ᠪᠠᠶᠢᠰᠢᠩᠲᠤ ᠪᠠᠯᠭᠠᠰᠤᠨ ᠤ ᠡᠮᠡᠭᠲᠡᠶᠢᠴᠦᠳ ᠦᠨ ᠬᠣᠯᠪᠤᠭᠠᠨ ᠤ ᠡᠷᠬᠢᠯᠡᠭᠴᠢ ᠃ ᠲᠡᠷᠡ ᠪᠡᠷ 2016 ᠣᠨ ᠳ᠋ᠤ ᠲᠣᠰ ᠪᠠᠯᠭᠠᠰᠤᠨ ᠤ ᠶᠠᠮᠤᠨ ᠶᠢᠩᠽᠢ ᠪᠣᠯᠣᠨ ᠬᠣᠩᠬᠣᠷ ᠤᠨ ᠲᠥᠩ ᠬᠣᠶᠠᠷ ᠲᠣᠰᠬᠤᠨ ᠤ 9 ᠶᠠᠳᠠᠭᠤ ᠡᠷᠦᠬᠡ ᠶ᠋ᠢ ᠬᠣᠯᠪᠤᠭᠠᠯᠠᠨ ᠳᠠᠭᠠᠭᠠᠴᠢᠯᠠᠵᠤ ᠂ ᠲᠣᠰᠬᠤᠨ ᠳ᠋ᠤ ᠣᠷᠤᠬᠰᠠᠨ ᠤ ᠳᠠᠷᠠᠭ᠎ᠠ ᠬᠠᠮᠤᠭ ᠠᠩᠬᠠᠨ ᠤ ᠠᠵᠢᠯ ᠢᠶᠡᠨ ᠶᠠᠳᠠᠭᠤ ᠡᠷᠦᠬᠡ ᠶ᠋ᠢᠨ ᠦᠨᠳᠦᠰᠦᠨ ᠪᠠᠶᠢᠳᠠᠯ ᠢ ᠤᠶᠢᠯᠠᠭᠠᠬᠤ ᠡᠴᠠ ᠡᠬᠢᠯᠡᠭᠦᠯᠵᠡᠢ ᠃ ᠡᠳᠡᠭᠡᠷ ᠶᠠᠳᠠᠭᠤ ᠭᠡᠷ ᠪᠦᠯᠢ ᠨᠢ ᠶᠠᠩᠵᠤ ᠶ᠋ᠢᠨ ᠣᠨᠴᠠᠯᠢᠭ ᠲᠠᠢ ᠪᠠᠶᠢᠵᠤ ᠭᠢᠨᠲᠠᠨ ᠡᠴᠠ ᠰᠤᠯᠠᠯᠠᠬᠳᠠᠬᠰᠠᠨ ᠬᠦᠮᠦᠨ ᠦ ᠭᠡᠷ ᠪᠦᠯᠢ ᠪᠤᠢ ᠂ ᠡᠪᠡᠦᠨᠴᠢᠨ ᠢᠶ᠋ᠡᠷ ᠶᠠᠳᠠᠭᠤᠷᠠᠬᠰᠠᠨ ᠭᠡᠷ ᠪᠦᠯᠢ ᠪᠤᠢ ᠂ ᠤᠷᠤᠭ ᠰᠠᠯᠤᠬᠰᠠᠨ ᠭᠡᠷ ᠪᠦᠯᠢ ᠪᠤᠢ ᠂ ᠵᠡᠮᠳᠡᠭ ᠬᠦᠮᠦᠨ ᠲᠠᠢ ᠭᠡᠷ ᠪᠦᠯᠢ ᠪᠤᠢ ᠂ ᠬᠠᠳᠠᠮ ᠡᠵᠢ ᠬᠦᠦ ᠪᠡᠷᠢ ᠵᠥᠷᠢᠴᠡᠯ ᠲᠠᠢ ᠭᠡᠷ ᠪᠦᠯᠢ ᠪᠤᠢ ᠃ ᠲᠡᠷᠡ ᠪᠡᠷ ᠡᠳᠡᠭᠡᠷ ᠣᠨᠴᠠᠭᠠᠢ ᠭᠡᠷ ᠪᠦᠯᠢ ᠶ᠋ᠢᠨ ᠬᠦᠮᠦᠰ ᠦᠨ ᠦᠵᠡᠯ ᠰᠠᠨᠠᠭ᠎ᠠ ᠶ᠋ᠢ ᠨᠢ ᠳᠣᠬᠲᠠᠭᠤᠨ ᠪᠣᠯᠭᠠᠵᠤ ᠠᠮᠢᠳᠤᠷᠠᠯ ᠤᠨ ᠢᠲᠡᠭᠡᠯ ᠢ ᠨᠢ ᠪᠠᠳᠦ ᠪᠣᠯᠭᠠᠬᠤ ᠳ᠋ᠤ ᠤᠶᠤᠨ ᠤᠬᠠᠭᠠᠨ ᠤ ᠲᠠᠯ᠎ᠠ ᠪᠠᠷ ᠬᠦᠴᠦᠲᠡᠢ ᠪᠣᠳᠠᠲᠠᠢ ᠠᠵᠢᠯ ᠬᠢᠬᠦ ᠴᠢᠬᠤᠯᠠ ᠲᠠᠢ ᠶ᠋ᠢ ᠰᠡᠷᠡᠨ ᠮᠡᠳᠡᠵᠦ ᠂ ᠰᠠᠨᠠᠭᠠᠴᠢᠯᠠᠭ᠎ᠠ ᠲᠠᠢ ᠬᠠᠷᠠᠯᠲᠠ ᠲᠠᠢ ᠪᠠᠷ ᠦᠵᠡᠯ ᠰᠠᠨᠠᠭᠠᠨ ᠤ ᠠᠵᠢᠯ ᠢ ᠬᠦᠯᠢᠴᠡᠩᠭᠦᠢ ᠨᠢᠮᠪᠠᠢ ᠬᠢᠵᠦ ᠂ ᠡᠮᠡᠭᠲᠡᠶᠢᠴᠦᠳ ᠦᠨ ᠬᠣᠯᠪᠤᠭᠠᠨ ᠤ ᠡᠷᠬᠢᠯᠡᠭᠴᠢ ᠶ᠋ᠢᠨ ᠡᠭᠦᠷᠭᠡ ᠬᠠᠷᠢᠭᠤᠴᠠᠯᠭ᠎ᠠ ᠪᠠᠨ ᠭᠦᠢᠴᠡᠦᠨᠬᠡᠵᠡᠢ ᠃
   ᠶᠠᠳᠠᠭᠤ ᠡᠷᠦᠬᠡ ᠸᠠᠩ ᠨᠠᠰᠤᠲᠠᠨ ᠬᠥᠭᠰᠢᠨ ᠲᠠᠢ ᠪᠠᠨ ᠴᠦᠮ ᠨᠠᠮ ᠤᠨ ᠬᠡᠰᠢᠭᠦᠨ ᠂ ᠪᠡᠶ᠎ᠡ ᠮᠠᠬᠠᠪᠤᠳ ᠨᠢ ᠳᠡᠮᠡᠢ ᠲᠡᠩᠬᠡᠯᠡᠭᠦᠨ ᠪᠣᠰᠤ ᠃ 2017 ᠣᠨ ᠤ ᠨᠠᠮᠤᠷ ᠬᠦᠦ ᠨᠢ ᠰᠠᠨᠠᠮᠰᠠᠷ ᠦᠭᠡᠢ ᠭᠡᠨᠡᠦᠨᠲᠡ ᠶ᠋ᠢᠨ ᠡᠨᠳᠡᠯ ᠭᠠᠷᠴᠤ ᠬᠥᠨᠳᠦ  ᠰᠢᠷᠬᠠᠳᠤᠵᠠᠢ ᠃ ᠯᠢ  ᠯᠢᠨᠠ ᠨᠢᠭᠡᠳᠦᠭᠡᠷ ᠱᠦᠵᠢ ᠲᠠᠢ ᠪᠠᠨ ᠵᠥᠪᠳᠡᠯᠴᠡᠨ ᠨᠠᠰᠤᠲᠠᠨ ᠤ ᠬᠦᠦ ᠶ᠋ᠢᠨ ᠭᠡᠷ ᠲᠦ ᠰᠠᠭᠤᠵᠤ ᠣᠷᠤᠯᠭ᠎ᠠ ᠣᠯᠭᠣᠬᠤ ᠶ᠋ᠢᠨ ᠳᠠᠭᠠᠤ ᠰᠢᠷᠬ᠎ᠠ ᠲᠠᠢ ᠵᠠᠯᠠᠭᠤ ᠳ᠋ᠤ ᠡᠷᠲᠡ ᠡᠳᠥᠷ ᠠᠮᠢᠳᠤᠷᠠᠯ ᠤᠨ ᠪᠠᠷᠡᠭᠠᠨ ᠰᠡᠭᠦᠳᠡᠷ ᠡᠴᠡ ᠰᠠᠯᠵᠤ ᠵᠣᠷᠢᠬᠲᠠᠢ ᠠᠵᠢᠯᠯᠠᠬᠤ ᠶ᠋ᠢ ᠵᠢᠭᠠᠨ ᠵᠢᠯᠤᠭᠤᠣᠨᠴᠣ ᠨᠢᠭᠡ ᠭᠡᠷ ᠬᠦᠮᠦᠰ ᠦᠨ ᠤᠶᠤᠨ ᠰᠠᠨᠠᠭᠠᠨ ᠤ ᠲᠥᠷᠰᠦ ᠪᠠᠶᠢᠳᠠᠯ  ᠶᠡᠬᠡᠳᠡ ᠰᠠᠶᠢᠵᠢᠷᠠᠨ ᠠᠮᠢᠳᠤᠷᠠᠯ ᠨᠢ ᠢᠯᠡᠦᠨᠲᠡ ᠳᠡᠭᠡᠭᠰᠢᠯᠡᠵᠦ ᠰᠢᠨ᠎ᠡ ᠭᠡᠷ ᠲᠦ ᠨᠡᠭᠦᠵᠦ ᠂ ᠳᠡᠦᠨᠬᠦᠮᠵᠢ ᠪᠡᠷ ᠣᠯᠤᠬᠰᠠᠨ ᠨᠠᠰᠤᠲᠠᠨ ᠤ 16 ᠬᠣᠨᠢ ᠨᠢ 30 ᠭᠠᠷᠤᠢ ᠪᠣᠯᠵᠠᠢ ᠃ ᠡᠪᠦᠭᠡᠨ ᠬᠥᠭᠰᠢᠨ ᠬᠣᠶᠠᠭᠤᠯᠠ  ᠨᠢᠭᠡᠨ ᠬᠠᠭᠤᠳᠠᠰᠤ ᠮᠠᠬᠲᠠᠭᠠᠯ ᠰᠠᠶᠢᠰᠢᠶᠠᠯ ᠤᠨ ᠪᠢᠴᠢᠭ ᠪᠢᠴᠢᠵᠦ ᠪᠠᠯᠭᠠᠰᠤᠨ ᠤ ᠵᠠᠰᠠᠭ ᠤᠨ ᠣᠷᠳᠤᠨ ᠳ᠋ᠤ ᠬᠦᠷᠭᠡᠨ ᠥᠭᠭᠦᠭᠰᠡᠨ ᠳ᠋ᠦ ᠤᠳᠤᠷᠢᠳᠤᠯᠭ᠎ᠠ ᠡᠴᠠ ᠡᠨᠡ ᠬᠦ ᠪᠢᠴᠢᠭ ᠢ ᠯᠢ  ᠯᠢᠨᠠ ᠳ᠋ᠤ ᠳᠠᠮᠵᠢᠭᠤᠯᠬᠤ ᠦᠶᠡᠰ ᠲᠦ ᠲᠡᠷᠡ ᠪᠡᠷ ᠰᠡᠦᠨᠬᠢᠯ ᠳᠣᠬᠳᠤᠯᠤᠭ᠎ᠠ ᠨᠢ ᠮᠡᠳᠡᠭᠳᠡᠭᠡ ᠦᠭᠡᠢ ᠬᠠᠷᠢᠨ ᠲᠤᠶᠢᠯ ᠤᠨ ᠳᠣᠬᠲᠠᠭᠤᠨ ᠪᠠᠶᠢᠵᠤ ᠂ ᠥᠪᠡᠷ ᠦᠨ ᠠᠵᠢᠯ ᠨᠢ ᠬᠣᠭᠣᠰᠤᠨ ᠪᠣᠰᠤ ᠨᠡᠯᠢᠶᠡᠳ ᠵᠦᠭᠡᠷ ᠪᠦᠳᠦᠮᠵᠢᠲᠡᠢ ᠪᠠᠶᠢᠬᠤ ᠶ᠋ᠢ ᠰᠡᠷᠡᠨ ᠮᠡᠳᠡᠵᠦ ᠂ ᠤᠯᠠᠮ ᠢᠯᠡᠭᠦᠦ ᠴᠢᠷᠮᠠᠶᠢᠨ ᠠᠵᠢᠯᠯᠠᠬᠤ ᠪᠠᠷ ᠰᠡᠮ ᠪᠣᠳᠤᠵᠠᠢ ᠃ ᠶᠠᠳᠠᠭᠤ ᠡᠷᠦᠬᠡ ᠰᠢᠦᠢ ᠣᠪᠣᠬᠲᠠᠨ ᠭᠢᠨᠲᠠᠨ ᠡᠴᠠ ᠰᠣᠯᠠᠯᠠᠬᠳᠠᠨ ᠠᠮᠢᠳᠤᠷᠠᠯ ᠳ᠋ᠠᠭᠠᠨ ᠶᠡᠷᠦᠨᠢ ᠢᠲᠡᠭᠡᠯ ᠠᠯᠳᠠᠵᠤ ᠬᠠᠷᠠᠯᠲᠠ ᠦᠭᠡᠢ ᠪᠠᠶᠢᠪᠠ ᠃ ᠯᠢ  ᠯᠢᠨᠠ ᠬᠦᠯᠢᠴᠡᠩᠭᠦᠢ ᠪᠡᠷ ᠦᠵᠡᠯ ᠰᠠᠨᠠᠭᠠᠨ ᠤ ᠠᠵᠢᠯ ᠬᠢᠵᠦ ᠲᠡᠭᠦᠨ ᠢ ᠬᠠᠪᠰᠤᠷᠤᠨ ᠢᠲᠡᠭᠡᠯ ᠵᠣᠷᠢᠭ ᠢ ᠨᠢ ᠬᠥᠪᠴᠢᠯᠡᠵᠦ ᠲᠡᠭᠦᠨ ᠳ᠋ᠦ 7000 ᠲᠥᠭᠦᠷᠢᠭ ᠲᠤᠰᠠᠯᠠᠨ ᠲᠤᠭᠤᠯ ᠲᠠᠢ ᠦᠨᠢᠶ᠎ᠡ ᠠᠪᠴᠤ ᠥᠭᠴᠡᠢ ᠃ ᠣᠳᠣᠬᠠᠨ ᠳ᠋ᠤ ᠰᠢᠦᠢ ᠣᠪᠣᠬᠲᠠᠨ ᠲᠡᠵᠢᠭᠡᠪᠦᠷᠢ ᠶ᠋ᠢᠨ ᠤᠶᠢᠯᠡᠰ ᠢᠶᠡᠨ ᠡᠷᠴᠢᠮ ᠰᠠᠶᠢᠲᠠᠢ ᠬᠥᠭᠵᠢᠭᠦᠯᠵᠦ ᠂ ᠥᠪᠡᠰᠦᠪᠡᠨ ᠪᠠᠰᠠ ᠠᠮᠢ ᠠᠬᠤᠢ ᠶ᠋ᠢᠨ ᠣᠢ ᠰᠢᠭᠤᠢ ᠶ᠋ᠢᠨ ᠬᠠᠮᠠᠭᠠᠯᠠᠬᠴᠢ ᠪᠣᠯᠵᠤ ᠠᠮᠢᠳᠤᠷᠠᠯ ᠤᠶᠢᠯᠡᠰ ᠲᠡᠬᠡᠨ ᠵᠠᠭᠤᠨ ᠬᠤᠪᠢ ᠶ᠋ᠢᠨ ᠢᠲᠡᠭᠡᠯ ᠲᠠᠢ ᠪᠣᠯᠵᠠᠢ ᠃ ᠯᠢ  ᠯᠢᠨᠠ ᠶᠠᠳᠠᠭᠤ ᠡᠷᠦᠬᠡ ᠦ᠋ ᠣᠪᠣᠬᠲᠠᠨ ᠢᠶᠠᠷ ᠨᠡᠶᠢᠲᠡᠯᠢᠭ  ᠵᠢᠱᠢᠶ᠎ᠡ ᠪᠣᠯᠭᠠᠨ ᠬᠣᠩᠬᠤᠷ ᠤᠨ ᠲᠥᠩ ᠲᠣᠰᠬᠤᠨ ᠤ ᠪᠣᠯᠪᠠᠰᠤᠨ ᠰᠣᠷᠲᠠᠯ ᠢ ᠳᠠᠶᠢᠴᠢᠯᠠᠬᠰᠠᠨ ᠵᠡᠷᠭᠡ ᠠᠯᠢ ᠣᠯᠠᠨ ᠪᠣᠯᠪᠠᠰᠤᠨ ᠤ ᠠᠵᠢᠯᠯᠠᠭ᠎ᠠ ᠨᠢ ᠬᠦᠮᠦᠰ ᠦᠨ ᠰᠡᠦᠨᠬᠢᠯ ᠳ᠋ᠦ ᠬᠦᠷᠴᠦ ᠬᠦᠮᠦᠵᠢᠯ ᠬᠦᠷᠲᠡᠭᠡᠨ ᠶᠠᠳᠠᠭᠤ ᠡᠴᠠ ᠠᠩᠭᠢᠵᠢᠷᠠᠨ ᠪᠠᠶᠠᠵᠢᠨ  ᠴᠢᠨᠡᠭᠡᠯᠢᠭᠵᠢᠬᠦ ᠶ᠋ᠢ ᠠᠬᠢᠭᠤᠯᠵᠤ ᠪᠠᠶᠢᠨ᠎ᠠ ᠃
     ᠦᠨᠡᠨᠴᠢ ᠬᠠᠶᠢᠷ᠎ᠠ ᠬᠠᠯᠠᠭᠤᠨ ᠰᠡᠦᠨᠬᠢᠯ ᠢᠶ᠋ᠡᠷ ᠢᠶ᠋ᠡᠨ ᠬᠠᠷᠢᠭᠤᠴᠠᠯᠭ᠎ᠠ ᠡᠭᠦᠷᠭᠡᠯᠡᠨ ᠲᠤᠰᠢᠶᠠᠯ ᠢᠶᠡᠨ ᠭᠦᠢᠴᠡᠦᠨᠬᠡᠵᠦ ᠠᠵᠢᠯ ᠤᠶᠢᠯᠡᠰ ᠲᠡᠬᠡᠨ ᠠᠮᠵᠢᠯᠲᠠ ᠪᠦᠳᠦᠮᠵᠢ ᠲᠠᠢ  ᠭᠢᠯᠠᠷᠠᠭᠤᠯᠵᠤ ᠶᠠᠪᠤᠭ᠎ᠠ ᠡᠮᠡᠭᠲᠡᠢ ᠺᠠᠳ᠋ᠷ ᠯᠢ  ᠯᠢᠨᠠ ᠨᠡᠬᠡᠷᠡᠨ ᠮᠠᠬᠲᠠᠭᠠᠯᠲᠠᠢ ᠃
                              ᠯᠢ ᠪᠤᠶᠠᠨᠴᠤᠬᠯᠠ
ᠢᠷᠡᠯᠳᠡ᠄ ᠨᠠᠶᠢᠷᠠᠭᠤᠯᠤᠭᠴᠢ᠄ ᠳᠤᠯᠠᠭᠠᠨ