ᠠᠵᠢᠯ ᠳ᠋ᠠᠭᠠᠨ ᠠᠮᠵᠢᠯᠲᠠ ᠲᠠᠢ ᠠᠷᠠᠳ ᠲᠠᠭᠠᠨ ᠬᠦᠷᠢᠶᠡᠯᠡᠯ ᠲᠠᠢ ᠡᠮᠡᠭᠲᠡᠢ ᠺᠠᠳ᠋ᠷ--- ᠱᠠᠨ ᠵᠥᠩ ᠵᠢᠶᠸ

ᠣᠩᠰᠢᠭᠰᠠᠨ ᠤᠳᠠᠭ᠎ᠠ ᠄ 6160     ᠨᠡᠶᠢᠳᠡᠯᠡᠭᠰᠡᠨ ᠴᠠᠭ ᠄ 2018/9/17 15:37:52

      ᠱᠠᠨ ᠵᠥᠩ ᠵᠢᠶᠸ ᠪᠣᠯ ᠨᠠᠢᠮᠠᠨ ᠬᠤᠰᠢᠭᠤᠨ ᠤ ᠠᠷᠠᠳ ᠤᠨ ᠶᠠᠪᠤᠳᠠᠯ ᠤᠨ ᠲᠣᠪᠴᠢᠶᠠᠨ ᠤ ᠳᠡᠳ᠋  ᠳᠠᠷᠤᠭ᠎ᠠ ᠂ ᠳᠠᠴᠢᠨᠲᠠᠯ᠎ᠠ ᠪᠠᠯᠭᠠᠰᠤᠨ ᠤ ᠬᠣᠩ ᠰᠢᠩ ᠲᠣᠰᠬᠤᠨ ᠳ᠋ᠤ ᠰᠠᠭᠤᠭ᠎ᠠ ᠨᠢᠭᠡᠳᠦᠭᠡᠷ ᠱᠦᠵᠢ ᠠᠵᠢᠯᠯᠠᠬᠤ ᠠᠩᠭᠢ ᠶ᠋ᠢᠨ ᠳᠠᠷᠤᠭ᠎ᠠ ᠃ ᠪᠦᠬᠦ ᠪᠠᠯᠭᠠᠰᠤᠨ ᠤ ᠴᠣᠷ ᠤᠨ ᠭᠠᠬᠴᠡ ᠨᠢᠭᠡᠨ ᠨᠡᠷᠡᠰ ᠬᠤᠰᠢᠭᠤᠨ ᠳᠡᠰ ᠦᠨ ᠭᠠᠴᠠᠭ᠎ᠠ ᠲᠣᠰᠬᠤᠨ ᠢ ᠳᠠᠭᠠᠭᠠᠴᠢᠯᠠᠬᠰᠠᠨ ᠡᠮᠡᠭᠲᠡᠢ ᠺᠠᠳ᠋ᠷ ᠃ ᠬᠡᠳᠦᠨ ᠵᠢᠯ ᠦᠨ ᠲᠣᠷᠰᠢ ᠂ ᠲᠡᠷᠡ ᠪᠡᠷ ᠳᠡᠭᠡᠳᠦ ᠬᠡᠮᠵᠢᠶᠡᠨ ᠦ ᠤᠯᠤᠰ ᠲᠥᠷᠥ ᠶ᠋ᠢᠨ ᠬᠠᠷᠢᠭᠤᠴᠠᠯᠭᠠᠳᠤ ᠰᠡᠦᠨᠬᠢᠯᠭᠡ ᠶ᠋ᠢ ᠡᠪᠦᠷᠯᠡᠨ ᠶᠠᠳᠠᠭᠤ ᠶ᠋ᠢ ᠳᠡᠦᠨᠬᠦᠬᠦ ᠨᠢᠭᠡᠳᠦᠭᠡᠷ ᠹᠷᠤᠨᠲ ᠲᠤ ᠲᠡᠮᠡᠴᠡᠨ ᠂  ᠶᠠᠳᠠᠷᠠᠯ ᠵᠦᠲᠡᠷᠡᠯ ᠢ ᠥᠯᠥ ᠬᠠᠶᠢᠬᠤᠷᠤᠨᠰᠢᠷᠭᠠᠭᠤ ᠬᠠᠲᠠᠭᠤᠵᠢᠯᠲᠠᠢ ᠠᠵᠢᠯᠯᠠᠵᠤ ᠂ ᠲᠣᠰᠬᠤᠨ ᠤ ᠵᠥᠪᠯᠡᠯ ᠢᠶ᠋ᠡᠷ ᠭᠡᠷ  ᠢᠶᠡᠨ ᠪᠣᠯᠭᠠᠵᠤ ᠲᠣᠰᠬᠤᠨ ᠤ ᠠᠷᠠᠳ ᠢ ᠲᠥᠷᠥᠯ ᠢᠶ᠋ᠡᠷ ᠦᠵᠡᠵᠦ ᠶᠠᠳᠠᠭᠤ ᠡᠷᠦᠬᠡ ᠶ᠋ᠢ ᠠᠬ᠎ᠠ ᠳᠡᠭᠦᠦ ᠪᠣᠯᠭᠠᠨ ᠣᠯᠠᠨ ᠲᠦᠮᠡᠨ ᠳ᠋ᠦ ᠦᠨᠡᠨᠬᠦ ᠰᠠᠶᠢᠨ ᠶᠠᠪᠤᠳᠠᠯ ᠪᠣᠳᠠᠳᠤ ᠤᠴᠢᠷ ᠢ ᠬᠢᠵᠦ ᠥᠭᠭᠦᠨ ᠶᠠᠳᠠᠭᠤ ᠡᠷᠦᠬᠡ ᠶ᠋ᠢᠨ ᠬᠦᠴᠢᠷᠳᠡᠯ ᠢ ᠰᠢᠢᠦᠨᠪᠦᠷᠢᠯᠡᠨ ᠂ ᠨᠠᠷᠢᠨ ᠬᠢᠨᠠᠮᠠᠭᠠᠢ ᠠᠵᠢᠯ ᠤᠨ ᠰᠤᠷᠲᠠᠯ ᠣᠨᠴᠠ ᠲᠣᠪᠤᠶᠢᠮ᠎ᠠ ᠠᠵᠢᠯ ᠤᠨ ᠠᠮᠵᠢᠯᠲᠠ ᠪᠠᠷ ᠢᠶᠡᠨ ᠥᠷᠭᠡᠨ ᠣᠯᠠᠨ ᠺᠠᠳ᠋ᠷ ᠣᠯᠠᠨ ᠲᠦᠮᠡᠨ ᠦ ᠢᠲᠡᠭᠡᠯ ᠬᠥᠨᠳᠦ ᠰᠠᠶᠢᠨ ᠥᠨᠡᠯᠡᠯᠲᠡ ᠶ᠋ᠢ ᠣᠯᠵᠠᠢ ᠃
     ᠬᠣᠩ ᠰᠢᠩ ᠲᠣᠰᠬᠤᠨ ᠳᠠᠴᠢᠨᠲᠠᠯ᠎ᠠ ᠪᠠᠯᠭᠠᠰᠤᠨ ᠤ ᠰᠠᠭᠤᠭ᠎ᠠ ᠭᠠᠵᠠᠷ ᠡᠴᠠ ᠵᠡᠭᠦᠨ ᠡᠮᠦᠨ᠎ᠡ ᠠᠷᠪᠠᠨ ᠺᠢᠯᠤᠮᠸᠲ᠋ᠷ ᠠᠯᠤᠰ ᠪᠠᠶᠢᠵᠤ ᠂ ᠶᠡᠷᠦᠩᠬᠡᠢ ᠲᠠᠯᠠᠪᠠᠢ 8644 ᠮᠦ ᠂ ᠡᠭᠦᠨ ᠳ᠋ᠦ ᠲᠠᠷᠢᠶᠠᠨ ᠭᠠᠵᠠᠷ 5500 ᠮᠦ ᠪᠠᠶᠢᠵᠤ ᠂ 267 ᠡᠷᠦᠬᠡ 1098 ᠬᠦᠮᠦᠨ ᠠᠮᠠ ᠲᠠᠢ ᠃ ᠡᠭᠦᠨ ᠳ᠋ᠦ ᠳᠠᠩᠰᠠ ᠺᠠᠷᠲ ᠲᠠᠢ ᠶᠠᠳᠠᠭᠤ ᠡᠷᠦᠬᠡ 34 ᠡᠷᠦᠬᠡ 119 ᠬᠦᠮᠦᠨ ᠪᠤᠢ ᠃
    ᠱᠠᠨ ᠵᠦᠩ ᠵᠢᠶᠸ ᠲᠣᠰᠬᠤᠨ ᠳ᠋ᠤ ᠢᠷᠡᠭᠰᠡᠨ ᠦ ᠳᠠᠷᠠᠭ᠎ᠠ ᠲᠡᠷᠡ ᠳᠠᠷᠤᠢ ᠲᠣᠰᠬᠤᠨ ᠤ ᠺᠠᠳ᠋ᠷ ᠲᠠᠢ ᠬᠠᠮᠳᠤ ᠠᠵᠢᠯᠯᠠᠬᠤ ᠠᠩᠭᠢ ᠶ᠋ᠢᠨ ᠬᠡᠰᠢᠭᠦᠦᠨ ᠢᠶ᠋ᠡᠨ ᠳᠠᠭᠠᠭᠤᠯᠤᠨ ᠣᠨᠣᠪᠴᠢᠲᠠᠢ ᠪᠠᠷ ᠲᠣᠳᠤᠯᠠᠬᠰᠠᠨ 34 ᠶᠠᠳᠠᠭᠤ ᠡᠷᠦᠬᠡ ᠪᠡᠷ ᠲᠣᠭᠤᠷᠢᠨ ᠰᠣᠷᠪᠤᠯᠵᠢᠯᠠᠵᠤ ᠨᠠᠷᠢᠨ ᠤᠶᠢᠯᠠᠭᠠᠬᠰᠠᠨ ᠤ ᠰᠠᠭᠤᠷᠢᠨ ᠳᠡᠭᠡᠷ᠎ᠡ ᠲᠣᠰᠬᠤᠨ ᠤ ︿ ︿ ᠬᠣᠶᠠᠷ ᠪᠠᠭ ﹀ ﹀ ᠪᠣᠯᠣᠨ ᠨᠠᠮ ᠤᠨ ᠬᠡᠰᠢᠭᠦᠨ ᠠᠷᠠᠳ ᠤᠨ ᠲᠥᠯᠦᠭᠡᠯᠡᠭᠴᠢ ᠶ᠋ᠢᠨ ᠬᠤᠷᠠᠯ ᠬᠢᠵᠦ ᠲᠣᠰᠬᠤᠨ ᠤ ᠪᠣᠳᠠᠳᠤ ᠪᠠᠶᠢᠳᠠᠯ ᠲᠠᠢ ᠤᠶᠠᠯᠳᠤᠭᠤᠯᠤᠨ ᠭᠣᠷᠪᠠᠨ ᠵᠢᠯ ᠦᠨ ᠲᠣᠰᠬᠤᠨ ᠤ ᠠᠵᠤ ᠠᠬᠤᠢ ᠨᠡᠶᠢᠭᠡᠮ ᠦᠨ ᠬᠥᠭᠵᠢᠯᠲᠡ ᠶ᠋ᠢᠨ ᠲᠥᠯᠦᠪᠯᠡᠭᠡ ᠳᠣᠬᠲᠠᠭᠠᠵᠤ ᠂ ᠶᠠᠳᠠᠭᠤ ᠡᠴᠠ ᠠᠩᠭᠢᠵᠢᠷᠠᠬᠤ ᠰᠢᠪᠳᠤᠯᠤᠯᠲᠠ ᠶ᠋ᠢᠨ ᠠᠵᠢᠯ ᠤᠨ ᠲᠥᠰᠥᠯ ᠪᠠ ᠬᠡᠷᠡᠭᠵᠢᠭᠦᠯᠬᠦ ᠠᠷᠭ᠎ᠠ  ᠠᠵᠤ ᠤᠶᠢᠯᠡᠰ ᠢᠶᠠᠷ ᠶᠠᠳᠠᠭᠤ ᠶ᠋ᠢ ᠳᠡᠦᠨᠬᠦᠬᠦ ᠶ᠋ᠢ ᠭᠣᠤᠯᠳᠠᠯᠭ᠎ᠠ ᠪᠣᠯᠭᠠᠨ ᠤᠶᠤᠨ ᠤᠬᠠᠭᠠᠨ ᠢᠶᠠᠷ ᠶᠠᠳᠠᠭᠤ ᠶ᠋ᠢ ᠳᠡᠦᠨᠬᠦᠬᠦ ᠶ᠋ᠢ ᠴᠢᠩᠭ᠎ᠠ ᠠᠣᠨᠬᠤᠨ ᠰᠤᠷᠭᠠᠨ ᠬᠦᠮᠦᠵᠢᠯ ᠡᠷᠡᠭᠦᠯ ᠴᠢᠬᠢᠷᠠᠭ ᠢᠶᠠᠷ ᠶᠠᠳᠠᠭᠤ ᠶ᠋ᠢ ᠳᠡᠦᠨᠬᠦᠬᠦ ᠳ᠋ᠦ ᠲᠥᠰᠢᠭᠯᠡᠨ ᠪᠦᠬᠦᠨ ᠢ ᠬᠠᠪᠰᠤᠷᠤᠨ ᠶᠠᠳᠠᠭᠤ ᠡᠴᠠ ᠠᠩᠭᠢᠵᠢᠷᠠᠭᠤᠯᠬᠤ ᠪᠠᠷ ᠬᠦᠴᠦᠲᠡᠢ ᠪᠣᠳᠠᠲᠠᠢ  ᠴᠢᠷᠮᠠᠶᠢᠵᠠᠢ ᠃
    ᠱᠠᠨ ᠵᠥᠩ ᠵᠢᠶᠸ ᠥᠷᠭᠦᠯᠵᠢ ︿ ︿ ᠲᠥᠷᠢᠮ ᠢᠶ᠋ᠡᠷ ᠬᠦᠮᠦᠨ ᠢ ᠬᠠᠮᠢᠶᠠᠷᠬᠤ ᠪᠣᠯ ᠬᠠᠮᠤᠭ ᠰᠠᠶᠢᠨ ᠬᠠᠮᠢᠶᠠᠷᠤᠯᠲᠠ ᠶ᠋ᠢᠨ ᠠᠷᠭ᠎ᠠ ᠮᠦᠨ ﹀ ﹀ ᠭᠡᠵᠦ ᠬᠡᠯᠡᠳᠡᠭ ᠃ ᠲᠡᠭᠦᠨ ᠦ ᠳᠠᠶᠢᠴᠢᠯᠠᠯ ᠢᠶᠠᠷ ᠬᠣᠩ ᠰᠢᠩ ᠲᠣᠰᠬᠤᠨ ᠤ ᠠᠵᠢᠯᠯᠠᠬᠤ ᠠᠩᠭᠢ ᠰᠤᠷᠤᠯᠴᠠᠬᠤ ᠠᠵᠢᠯᠯᠠᠬᠤ ᠠᠵᠢᠯ ᠳ᠋ᠤ ᠭᠠᠷᠬᠤ ᠶ᠋ᠢ ᠬᠢᠨᠠᠨ ᠰᠢᠯᠭᠠᠬᠤ ᠵᠡᠷᠭᠡ ᠰᠢᠷᠢᠰ ᠲᠥᠷᠢᠮ ᠳᠣᠬᠲᠠᠭᠠᠯ ᠢ ᠳᠣᠬᠲᠠᠭᠠᠨ ᠬᠡᠷᠡᠭᠵᠢᠭᠦᠯᠵᠦ ᠠᠮᠵᠢᠯᠲᠠ ᠲᠠᠢ ᠠᠵᠢᠯᠯᠠᠬᠤ ᠳ᠋ᠤ ᠬᠦᠴᠦᠲᠡᠢ ᠪᠠᠳᠤᠯᠠᠭ᠎ᠠ ᠬᠠᠩᠭᠠᠵᠠᠢ ᠃ ᠲᠣᠰᠬᠤᠨ ᠤ ᠠᠷᠠᠳ ᠢ ᠵᠣᠷᠢᠬᠵᠢᠭᠤᠯᠤᠨ ᠠᠵᠤ ᠤᠶᠢᠯᠡᠰ ᠡᠷᠬᠢᠯᠡᠨ ᠬᠥᠭᠵᠢᠭᠦᠯᠬᠦ ᠳ᠋ᠦ ᠪᠡᠯᠡᠨ ᠮᠥᠩᠭᠥ ᠬᠦᠷᠦᠯᠴᠡᠬᠦ ᠦᠭᠡᠢ ᠪᠠᠶᠢᠬᠤ ᠳ᠋ᠤ ᠲᠡᠷᠡ ᠬᠤᠪᠢ ᠪᠡᠶ᠎ᠡ ᠪᠡᠷ ᠢᠶ᠋ᠡᠨ ᠪᠠᠳᠤᠯᠠᠨ ᠳᠠᠭᠠᠭᠠᠴᠢᠯᠠᠵᠤ ᠶᠠᠳᠠᠭᠤ ᠡᠷᠦᠬᠡ ᠳ᠋ᠦ 69 ᠦᠨᠢᠶ᠎ᠡ 20 ᠬᠣᠨᠢ ᠠᠪᠴᠤ ᠥᠭᠴᠡᠢ ᠃ ᠲᠡᠷᠡ ᠪᠠᠰᠠ 15 ᠲᠦᠮᠡᠨ ᠲᠥᠭᠦᠷᠢᠭ ᠪᠡᠯᠡ ᠮᠥᠩᠭᠥ ᠲᠡᠮᠡᠴᠡᠨ ᠣᠯᠵᠤ ᠲᠣᠰᠬᠤᠨ ᠤ ᠨᠡᠶᠢᠲᠡ ᠶ᠋ᠢᠨ ᠪᠣᠩᠭᠤᠨ ᠢ ᠥᠷᠭᠡᠦᠨᠬᠡᠨ ᠪᠠᠶᠢᠭᠤᠯᠵᠤ ᠂ ᠭᠠᠮᠰᠢᠭ ᠢ ᠠᠪᠤᠷᠠᠨ ᠳᠡᠦᠨᠬᠦᠬᠦ ᠮᠥᠩᠭᠥ ᠶ᠋ᠢ 30 ᠲᠦᠮᠡᠨ ᠲᠥᠭᠦᠷᠢᠭ ᠣᠯᠵᠤ ᠶᠡᠬᠡ ᠡᠪᠡᠦᠨᠴᠢᠲᠡᠨ ᠵᠡᠷᠭᠡ ᠶ᠋ᠢ ᠠᠪᠤᠷᠠᠨ ᠲᠤᠰᠠᠯᠠᠬᠤ ᠳ᠋ᠤ ᠬᠡᠷᠡᠭᠯᠡᠵᠡᠢ ᠃ ᠣᠳᠣᠬᠠᠨ ᠪᠣᠯᠲᠠᠯ᠎ᠠ ᠲᠣᠰ ᠲᠣᠰᠬᠤᠨ 3000 ᠮᠦ ᠭᠠᠵᠠᠷ ᠢ ᠡᠷᠭᠢᠯᠳᠦᠭᠦᠯᠦᠨ ᠰᠢᠯᠵᠢᠭᠦᠯᠵᠦ ᠂ ᠤᠰᠤ ᠠᠷᠪᠢᠯᠠᠨ ᠲᠤᠰᠤᠯᠭᠠᠨ ᠤᠰᠤᠯᠠᠬᠤ 3100 ᠮᠦ ᠪᠣᠯᠵᠤ ᠂ ᠬᠦᠴᠦᠨ ᠦ ᠠᠵᠢᠯ ᠬᠢᠭᠰᠡᠳ 250 ᠬᠦᠮᠦᠨ ᠳ᠋ᠦ ᠬᠦᠷᠴᠦ ᠂ ᠲᠠᠷᠢᠶᠠᠯᠠᠩ ᠤᠨ ᠣᠷᠤᠯᠭ᠎ᠠ ᠬᠦᠮᠦᠨ ᠳᠣᠮᠳᠠᠴᠢ ᠪᠠᠷ 2000 ᠲᠥᠭᠦᠷᠢᠭ ᠨᠡᠮᠡᠭᠳᠡᠵᠡᠢ ᠃
    ᠱᠠᠨ ᠵᠥᠩ ᠵᠢᠶᠸ ᠬᠦᠮᠦᠰ ᠦᠨ ᠰᠡᠦᠨᠬᠢᠴᠡ ᠶ᠋ᠢ ᠤᠶᠢᠯᠠᠭᠠᠨ ᠣᠷᠮᠠᠰᠢᠭᠤᠯᠬᠤ ᠶ᠋ᠢ ᠬᠤᠪᠢ ᠶ᠋ᠢᠨ ᠭᠠᠳᠠᠨ᠎ᠠ ᠬᠥᠨᠳᠦᠦᠨᠬᠡᠨ ᠶᠡᠬᠡ ᠬᠡᠮᠵᠢᠶᠡᠨ ᠦ ᠤᠶᠤᠨ ᠰᠠᠨᠠᠭᠠᠨ ᠤ ᠤᠬᠠᠭᠤᠯᠭ᠎ᠠ ᠶ᠋ᠢᠨ ᠠᠵᠢᠯ ᠬᠢᠳᠡᠭ ᠮᠦᠷᠳᠡᠭᠡᠨ ᠳᠡᠮᠵᠢᠯᠭᠡ ᠦᠵᠡᠭᠦᠯᠦᠨ ᠵᠣᠷᠢᠬᠵᠢᠭᠤᠯᠳᠠᠭ ᠪᠠᠶᠢᠵᠠᠢ ᠃ ᠶᠠᠳᠠᠭᠤ ᠡᠷᠦᠬᠡ ᠶᠡᠩ ᠪᠢᠩ ᠵᠥᠩ ᠪᠣᠯᠣᠨ ᠸᠠᠩ ᠴᠢᠶᠠᠩ ᠤᠨ ᠶᠠᠪᠤᠵᠤ ᠰᠠᠭᠤᠬᠤ ᠳ᠋ᠤ ᠲᠤᠶᠢᠯ ᠤᠨ ᠬᠦᠴᠢᠷᠲᠡᠢ ᠶ᠋ᠢ ᠮᠡᠳᠡᠵᠦ ᠲᠡᠲᠡᠨᠦᠰ ᠲᠦ ᠲᠣᠰ ᠲᠣᠰ ᠬᠦᠷᠳᠦᠲᠦ ᠲᠡᠷᠭᠡ ᠠᠪᠴᠤ ᠥᠭᠭᠦᠨ ᠬᠦᠴᠢᠷᠳᠡᠯ ᠢ ᠨᠢ ᠵᠣᠬᠢᠰᠲᠠᠶ  ᠰᠢᠢᠦᠨᠪᠦᠷᠢᠯᠡᠵᠡᠢ ᠃ ᠡᠭᠦᠨ ᠦ ᠳᠠᠭᠠᠤ ᠠᠵᠢᠯᠯᠠᠬᠤ ᠠᠩᠭᠢ ᠶ᠋ᠢᠨ ᠬᠡᠰᠢᠭᠦᠦᠨ ᠲᠠᠢ ᠪᠠᠨ ᠬᠠᠮᠳᠤ ᠲᠡᠳᠡᠨᠦᠰ ᠲᠦ ᠨᠠᠮ ᠤᠨ ᠬᠠᠮᠢᠶ᠎ᠠ ᠪᠦᠬᠦᠢ ᠲᠥᠷᠥ ᠶ᠋ᠢᠨ ᠪᠣᠳᠤᠯᠭ᠎ᠠ ᠶ᠋ᠢ ᠨᠠᠷᠢᠨ ᠨᠢᠮᠪᠠᠢ ᠳᠠᠶᠢᠯᠪᠤᠷᠢᠯᠠᠨ ᠥᠭᠴᠦ ᠲᠡᠲᠡᠨᠦᠰ ᠦᠨ ᠠᠮᠢᠳᠤᠷᠠᠯ ᠤᠨ ᠢᠲᠡᠭᠡᠯ ᠬᠦᠴᠦᠨ ᠢ ᠨᠡᠮᠡᠭᠳᠡᠭᠦᠯᠵᠡᠢ ᠃
ᠱᠠᠨ ᠵᠥᠩ ᠵᠢᠶᠸ ᠥᠷᠭᠦᠯᠵᠢ ᠠᠵᠢᠯᠯᠠᠬᠤ ᠠᠩᠭᠢ ᠶ᠋ᠢᠨ ᠬᠡᠰᠢᠭᠦᠦᠨ ᠪᠠ ᠲᠣᠰᠬᠤᠨ ᠤ ᠺᠠᠲᠠᠷᠴᠤᠳ ᠢ ᠵᠣᠬᠢᠶᠠᠨ ᠪᠠᠶᠢᠭᠤᠯᠤᠨ ᠰᠢ ᠵᠢᠨ ᠫᠢᠩ ᠦᠨ ᠰᠢᠷᠢᠰ ᠣᠯᠠᠨ ᠵᠢᠭᠠᠪᠤᠷᠢ ᠨᠠᠮ ᠤᠨ ᠡᠯ᠎ᠡ ᠵᠦᠢᠯ ᠦᠨ ᠴᠢᠭᠯᠡᠯᠲᠡ ᠲᠥᠷᠥ ᠶ᠋ᠢᠨ ᠪᠣᠳᠤᠯᠭ᠎ᠠ ᠶᠠᠳᠠᠭᠤ ᠶ᠋ᠢ ᠳᠡᠦᠨᠬᠦᠬᠦ ᠲᠤᠬᠠᠶᠢᠯᠠᠬᠰᠠᠨ ᠠᠵᠢᠯ ᠤᠨ ᠮᠡᠳᠡᠯᠭᠡ ᠵᠡᠷᠭᠡ ᠶ᠋ᠢ ᠰᠣᠷᠤᠯᠴᠠᠨ ᠤᠶᠢᠯᠠᠭᠠᠵᠤ ᠂ ᠠᠵᠤ ᠤᠶᠢᠯᠡᠰ ᠂ ᠰᠤᠷᠭᠠᠨ ᠬᠦᠮᠦᠵᠢᠯ ᠂ ᠡᠷᠡᠭᠦᠯ ᠴᠢᠬᠢᠷᠠᠭ ᠪᠠ ᠤᠶᠤᠨ ᠤᠬᠠᠭᠠᠨ ᠢᠶᠠᠷ ᠶᠠᠳᠠᠭᠤ ᠶ᠋ᠢ ᠳᠡᠦᠨᠬᠦᠬᠦ ᠵᠡᠷᠭᠡ ᠤᠬᠠᠭᠤᠯᠭ᠎ᠠ ᠶ᠋ᠢᠨ ᠠᠵᠢᠯᠯᠠᠭᠠᠨ ᠢ ᠵᠣᠬᠢᠶᠠᠨ ᠪᠠᠶᠢᠭᠤᠯᠤᠨ ᠥᠷᠨᠢᠭᠦᠯᠵᠦ ᠂ ᠣᠨᠤᠪᠴᠢᠲᠠᠢ ᠪᠠᠷ ᠶᠠᠳᠠᠭᠤ ᠶ᠋ᠢ ᠳᠡᠦᠨᠬᠦᠬᠦ ᠡᠷᠦᠬᠡ ᠂ ᠠᠵᠢᠯᠯᠠᠬᠤ ᠠᠩᠭᠢ ᠂ ᠲᠣᠰᠬᠤᠨ ᠤ ᠺᠠᠳ᠋ᠷᠴᠤᠳ ᠬᠣᠯᠪᠤᠭ᠎ᠠ ᠪᠠᠶᠢᠭᠤᠯᠵᠤ ᠴᠠᠭ ᠲᠣᠬᠠᠢ ᠳ᠋ᠦ᠋ᠨᠢ ᠨᠠᠮ ᠤᠨ ᠵᠢᠭᠠᠪᠤᠷᠢ ᠳᠡᠭᠡᠳᠦ ᠱᠠᠳᠤᠨ ᠤ ᠵᠠᠬᠢᠶ᠎ᠠ ᠶ᠋ᠢ ᠳᠠᠮᠵᠢᠭᠤᠯᠵᠤ ᠪᠤᠢ ᠃ ᠨᠠᠮ ᠤᠨ ᠡᠭᠦᠷ ᠢᠶ᠋ᠡᠷ ᠭᠣᠤᠯ ᠪᠣᠯᠭᠠᠬᠰᠠᠨ ᠲᠣᠰᠬᠤᠨ ᠤ ᠲᠡᠰ ᠦᠨ ᠵᠣᠬᠢᠶᠠᠨ ᠪᠠᠶᠢᠭᠤᠯᠤᠯᠲᠠ ᠶ᠋ᠢᠨ ᠪᠠᠶᠢᠭᠤᠯᠤᠯᠲᠠ ᠪᠣᠯᠣᠨ ᠪᠡᠬᠢᠯᠡᠯᠲᠡ ᠶ᠋ᠢᠨ ᠪᠠᠶᠢᠭᠤᠯᠤᠯᠲᠠ ᠶ᠋ᠢ ᠰᠠᠶᠢᠳᠤᠷ ᠠᠣᠨᠬᠤᠨ ︿ ︿ ᠬᠣᠶᠠᠷ ᠪᠠᠭ ﹀ ﹀ ᠶ᠋ᠢᠨ ᠰᠤᠩᠭᠤᠭᠤᠯᠢ ᠶ᠋ᠢᠨ ᠠᠵᠢᠯ ᠰᠢᠯᠤᠭᠤᠨ ᠠᠮᠵᠢᠯᠲᠠ ᠲᠠᠢ ᠶᠠᠪᠣᠬᠳᠠᠵᠠᠢ ᠃ ᠪᠡᠯᠡ ᠮᠥᠩᠭᠥ ᠵᠣᠬᠢᠴᠠᠭᠤᠯᠤᠨ ᠲᠣᠰᠬᠤᠨ ᠤ ᠵᠥᠪᠯᠡᠯ ᠳ᠋ᠦ ᠺᠣᠮᠫᠢᠦ᠋ᠲ᠋ᠧᠷ ᠨᠡᠮᠡᠵᠦ ᠰᠢᠷᠡᠭᠡ ᠰᠠᠨᠳᠠᠯᠢ ᠣᠷᠤᠭᠤᠯᠤᠨ ᠠᠯᠪᠠᠯᠠᠬᠤ ᠬᠡᠷᠡᠭᠰᠡᠯ ᠲᠥᠭᠦᠭᠡᠷᠦᠮᠵᠢ ᠶ᠋ᠢ ᠬᠠᠩᠭᠠᠵᠤ ᠂ ᠲᠣᠰᠬᠤᠨ ᠳ᠋ᠤ ᠰᠠᠭᠤᠭ᠎ᠠ ᠺᠠᠳ᠋ᠷ ᠤᠨ ᠬᠣᠨᠣᠭ ᠬᠣᠭᠤᠯᠠᠠ ᠤ ᠠᠰᠠᠭᠤᠳᠠᠯ ᠢ ᠰᠢᠢᠦᠨᠪᠦᠷᠢᠯᠡᠨ ᠥᠭᠴᠡᠢ ᠃
ᠱᠠᠨ ᠵᠥᠩ ᠵᠢᠶᠸ ᠬᠠᠲᠠᠭᠤᠵᠢᠯᠲᠠᠢ ᠴᠢᠷᠮᠠᠶᠢᠯᠭ᠎ᠠ ᠪᠠᠷ ᠢᠶᠡᠨ ᠬᠣᠩ ᠰᠢᠩ ᠲᠣᠰᠬᠤᠨ ᠤ ᠺᠠᠳ᠋ᠷ ᠠᠷᠠᠳ ᠤᠨ ᠰᠠᠶᠢᠨ ᠥᠨᠡᠯᠡᠯᠲᠡ ᠶ᠋ᠢ  ᠣᠯᠵᠠᠢ ᠃ ᠲᠡᠷᠡ ︿ ︿ ᠮᠢᠨᠤ ᠬᠠᠮᠤᠭ ᠤᠨ ᠶᠡᠬᠡ ᠬᠦᠰᠡᠯ ᠪᠣᠯ ᠶᠠᠳᠠᠭᠤ ᠡᠷᠦᠬᠡ ᠡᠷᠲᠡ ᠡᠳᠥᠷ ᠶᠠᠳᠠᠭᠤ ᠡᠴᠠ ᠪᠠᠨ ᠠᠩᠭᠢᠵᠢᠷᠠᠵᠤ ᠠᠷᠠᠳ ᠣᠯᠠᠨ ᠢᠶᠠᠷ ᠢᠶᠡᠨ ᠴᠦᠮ ᠪᠦᠬᠦᠨ ᠪᠠᠶᠠᠨ ᠴᠢᠨᠡᠭᠡᠯᠢᠭ ᠪᠣᠯᠵᠤ ᠂  ᠪᠢᠳᠡ ᠪᠦᠭᠦᠳᠡᠭᠡᠷ ᠨᠢᠭᠡᠨ ᠭᠤᠶᠤ  ᠴᠡᠪᠡᠷ ᠂ ᠪᠠᠶᠠᠨ ᠲᠠᠩᠰᠤᠭ ᠂ ᠪᠣᠯᠪᠠᠰᠤᠨ ᠰᠠᠶᠢᠬᠠᠨ ᠥᠪ ᠦᠨᠡᠨᠬᠦ ᠤᠯᠠᠭᠠᠨ ᠣᠳᠣ ᠰᠢᠭ᠋ ᠬᠣᠩ ᠰᠢᠩ ᠲᠣᠰᠬᠤᠨ ᠢ ᠣᠯᠵᠤ ᠬᠠᠷᠠᠬᠤ ᠪᠣᠯᠤᠨ᠎ᠠ ﹀ ﹀ ᠭᠡᠵᠦ ᠣᠮᠣᠭ ᠪᠠᠳᠠᠷᠠᠩᠭᠤᠢ ᠮᠠᠩᠨᠠᠢ ᠲᠥᠭᠦᠷᠡᠩ ᠮᠥᠰᠢᠶᠡᠳᠦ ᠲᠠᠢ ᠬᠡᠯᠡᠨ᠎ᠡ ᠃
                                   ( ᠯᠢ ᠪᠤᠶᠠᠨᠴᠤᠬᠯᠠ)
ᠢᠷᠡᠯᠳᠡ᠄ ᠨᠠᠶᠢᠷᠠᠭᠤᠯᠤᠭᠴᠢ᠄ ᠳᠤᠯᠠᠭᠠᠨ