ᠨᠢᠭᠡᠳᠦᠭᠡᠷ ᠱᠦᠵᠢ ᠱᠠᠨ ᠬᠤᠸᠠ ᠴᠢ ︿ ︿ ᠸᠢᠴᠠᠲ ᠬᠤᠳᠠᠯᠳᠤᠭᠠᠴᠢᠨ ﹀ ﹀ ᠪᠣᠯᠪᠠᠢ

ᠣᠩᠰᠢᠭᠰᠠᠨ ᠤᠳᠠᠭ᠎ᠠ ᠄ 1145     ᠨᠡᠶᠢᠳᠡᠯᠡᠭᠰᠡᠨ ᠴᠠᠭ ᠄ 2018/9/17 8:30:47

    ᠬᠣᠩᠬᠣᠷ ᠵᠢᠪᠠᠷ ᠰᠡᠷᠴᠢᠬᠢᠨᠡᠨ ᠰᠢᠷᠭᠠᠯ ᠨᠠᠷᠠᠨ ᠲᠥᠭᠡᠨᠡᠭᠰᠡᠨ ᠨᠠᠯᠠᠭᠠᠷ ᠨᠠᠮᠤᠷ ᠤᠨ ᠤᠯᠠᠷᠢᠯ ᠳ᠋ᠤ ᠨᠠᠢᠮᠠᠨ ᠬᠤᠰᠢᠭᠤᠨ ᠤ ᠪᠠᠶᠢᠰᠢᠩᠲᠤ ᠪᠠᠯᠭᠠᠰᠤᠨ ᠤ ᠺᠸᠨ ᠦ᠋ ᠵᠢᠦᠢ ᠭᠠᠴᠠᠭᠠᠨ ᠳ᠋ᠤ ᠣᠷᠤᠬᠤᠶ᠎ᠠ ᠭᠤᠸᠠ ᠵᠢᠮᠢᠰ ᠦᠨ ᠦᠨᠦᠷ ᠬᠠᠩᠬᠤᠯᠤᠨ ᠬᠣᠲᠠᠯᠠ ᠲᠠᠶᠠᠭᠠᠷ ᠬᠤᠷᠢᠶᠠᠯᠲᠠ ᠶ᠋ᠢᠨ ᠠᠵᠢᠯ ᠳ᠋ᠠᠭᠠᠨ ᠶᠠᠭᠠᠷᠠᠯᠳᠤᠨ᠎ᠠ ᠃ ᠶᠠᠳᠠᠭᠤ ᠡᠷᠦᠬᠡ ᠰᠢ ᠭᠥᠢ ᠷᠥᠩ ᠨᠠᠰᠤᠲᠠᠨ ᠤ ᠬᠠᠰᠢᠶᠠᠨ ᠳ᠋ᠤ ᠯᠠᠵᠣᠤ ᠂ ᠬᠠᠰᠢ ᠂ ᠰᠣᠩᠭᠢᠨ᠎ᠠ ᠂ ᠪᠣᠷᠴᠠᠭ ᠂ ᠲᠥᠪᠡᠳ ᠬᠠᠰᠢ ᠂ ᠥᠷᠭᠡᠰᠦᠲᠦ ᠬᠡᠮᠬᠡ ᠵᠡᠷᠭᠡ ᠤᠷᠭᠤᠯᠲᠠ ᠰᠠᠶᠢᠲᠠᠢ ᠤᠨᠠᠯᠲᠠ ᠡᠯᠪᠡᠭ ᠪᠠᠶᠢᠵᠤ ᠂ ᠠᠭᠠᠯᠢᠭ ᠠᠯᠢᠮ᠎ᠠ ᠮᠣᠳᠣ ᠪᠠᠨ ᠳᠠᠭᠠᠭ᠎ᠠ ᠶᠠᠳᠠᠮ᠎ᠠ ᠰᠠᠭᠤᠵᠠᠢ ᠃ ᠡᠨᠡ ᠬᠦ ᠬᠦᠷᠢᠶ᠎ᠡ ᠦᠨᠡᠬᠡᠷ ᠵᠢᠮᠢᠰ ᠨᠣᠭᠤᠭ᠎ᠠ ᠶ᠋ᠢᠨ ᠶᠢᠷᠲᠢᠨᠴᠦ ᠬᠡᠮᠡᠷᠬᠡᠨ ᠃ ᠨᠢᠭᠡᠨ ᠲᠠᠷᠢᠶᠠᠯᠠᠩ ᠤᠨ  ᠴᠠᠢᠢᠶ᠋ᠢᠤ ᠮᠠᠰᠢᠨ ᠬᠦᠷᠢᠶᠡᠨ ᠦ ᠳᠣᠳᠤᠷᠠᠬᠢ ᠥᠴᠦᠬᠡᠨ ᠰᠤᠯᠠ ᠭᠠᠵᠠᠷ ᠵᠣᠬᠰᠤᠵᠤ ᠂ ᠠᠷᠪᠠᠨ ᠬᠡᠳᠦᠨ ᠬᠦᠮᠦᠨ ᠲᠡᠭᠦᠬᠦ ᠨᠢ ᠲᠡᠭᠦᠵᠦ ᠪᠠᠬᠯᠠᠬᠤ ᠨᠢ ᠪᠠᠬᠯᠠᠵᠤ ᠲᠡᠭᠡᠭᠡᠬᠦ ᠨᠢ ᠲᠡᠭᠡᠭᠡᠵᠦ  ︿ ︿ ᠤᠨᠠᠬᠰᠠᠨ ᠮᠠᠯᠠᠭᠠᠢ ᠶ᠋ᠢ ᠠᠪᠬᠤ ᠵᠠᠪ ᠦᠭᠡᠢ ﹀ ﹀ ᠶᠠᠭᠠᠷᠠᠯᠳᠤᠨ᠎ᠠ ᠃ ᠶᠠᠭᠠᠷᠠᠤ ᠬᠦᠮᠦᠰ ᠦᠨ ᠳᠣᠳᠤᠷ᠎ᠠ ᠨᠢᠭᠡᠳᠦᠭᠡᠷ ᠱᠦᠵᠢ ᠱᠠᠨ ᠬᠤᠸᠠ ᠴᠢ ᠪᠠᠶᠢᠯ᠎ᠠ ᠃
   ᠱᠠᠨ ᠬᠤᠸᠠ ᠴᠢ ᠪᠣᠯ ᠲᠥᠩᠯᠢᠶᠣᠤ ᠬᠣᠲᠠ ᠶ᠋ᠢᠨ ᠳᠣᠳᠤᠭᠠᠳᠤ ᠶ᠋ᠢ ᠬᠠᠮᠠᠭᠠᠯᠠᠬᠤ ᠳᠣᠪᠴᠢᠶᠠᠨ ᠤ ᠤᠯᠤᠰ ᠲᠥᠷᠥ ᠶ᠋ᠢᠨ ᠬᠡᠯᠲᠡᠰ ᠦᠨ ᠳᠡᠳ᠋ ᠡᠷᠬᠢᠯᠡᠭᠴᠢ ᠂ ᠵᠢᠯ ᠦᠨ ᠡᠬᠢᠨ ᠳ᠋ᠦ ᠲᠣᠰ ᠲᠣᠪᠴᠢᠶᠠᠨ ᠤ ᠨᠠᠮ ᠤᠨ ᠬᠣᠷᠢᠶᠠᠨ ᠤ ᠲᠣᠮᠢᠯᠠᠯᠲᠠ ᠪᠠᠷ ᠺᠸᠨ ᠦ᠋ ᠵᠢᠦᠢ ᠭᠠᠴᠠᠭᠠᠨ ᠳ᠋ᠤ ᠢᠷᠡᠵᠦ ᠂ ᠲᠣᠰᠬᠤᠨ ᠳ᠋ᠤ ᠰᠠᠭᠤᠭ᠎ᠠ ᠨᠢᠭᠡᠳᠦᠭᠡᠷ ᠱᠦᠵᠢ ᠶ᠋ᠢᠨ ᠲᠤᠰᠢᠶᠠᠯ ᠡᠭᠦᠷᠭᠡᠯᠡᠨ ᠂ ᠣᠨᠤᠪᠴᠢᠲᠠᠢ ᠪᠠᠷ ᠶᠠᠳᠠᠭᠤ ᠶ᠋ᠢ ᠳᠡᠦᠨᠬᠦᠬᠦ ᠠᠵᠢᠯ ᠳ᠋ᠤ ᠭᠠᠪᠰᠢᠭᠠᠶᠢᠯᠠᠨ ᠣᠷᠤᠯᠴᠠᠵᠤ ᠭᠠᠷᠮᠠᠭᠠᠶᠢᠯᠠᠨ ᠬᠠᠷᠢᠭᠤᠴᠠᠵᠤ ᠠᠵᠢᠯᠯᠠᠵᠤ ᠪᠠᠶᠢᠭ᠎ᠠ ᠨᠢ ᠡᠨᠡ ᠪᠢᠯᠡ ᠃
   ᠺᠸᠨ ᠦ᠋ ᠵᠢᠦᠢ ᠭᠠᠴᠠᠭ᠎ᠠ 325 ᠡᠷᠦᠬᠡ 1448 ᠬᠦᠮᠦᠨ ᠠᠮᠠ ᠲᠠᠢ ᠃ ᠡᠭᠦᠨ ᠳ᠋ᠦ ᠳᠠᠩᠰᠠ ᠺᠠᠷᠲ ᠲᠠᠢ ᠶᠠᠳᠠᠭᠤ ᠡᠷᠦᠬᠡ 46 ᠪᠤᠢ ᠃ ᠱᠠᠨ ᠱᠦᠵᠢ ᠲᠣᠰᠬᠤᠨ ᠳ᠋ᠤ ᠢᠷᠡᠭᠰᠡᠨ ᠦ ᠳᠠᠷᠠᠭ᠎ᠠ ᠂ ᠤᠶᠤᠨ ᠤᠬᠠᠭᠠᠨ ᠢᠶᠡᠨ ᠰᠢᠪᠬᠠᠨ ᠠᠷᠭ᠎ᠠ ᠵᠠᠮ ᠡᠷᠢᠵᠦ ᠲᠤᠰᠠᠯᠠᠨ ᠳᠡᠮᠵᠢᠭᠦᠯᠬᠦ ᠂ ᠲᠥᠷᠥᠯ ᠵᠦᠢᠯ ᠳ᠋ᠦ ᠭᠦᠶᠦᠬᠦ ᠂ ᠵᠣᠭᠣᠰ ᠮᠥᠩᠭᠥ ᠵᠣᠬᠢᠴᠠᠭᠤᠯᠬᠤ ᠂ ᠬᠠᠯᠠᠮᠵᠢᠯᠠᠨ ᠠᠪᠤᠷᠠᠬᠤ ᠵᠡᠷᠭᠡ ᠠᠯᠢ ᠣᠯᠠᠨ ᠠᠷᠠᠳ ᠲᠤ ᠠᠰᠢᠬᠲᠠᠢ ᠠᠵᠢᠯ ᠤᠳ ᠢ ᠬᠢᠬᠦ ᠶ᠋ᠢᠨ ᠬᠠᠮᠳᠤ ᠣᠨᠴᠠᠯᠢᠬᠳᠣ ᠲᠠᠷᠢᠶᠠᠯᠠᠩ ᠲᠤᠰᠠᠯᠠᠬᠤ ᠤᠶᠢᠯᠡᠦᠨᠪᠦᠷᠢᠯᠡᠯ ᠤᠨ ᠪᠦᠳᠦᠭᠡᠭᠲᠡᠭᠦᠨ ᠢᠶ᠋ᠡᠨ ᠪᠣᠷᠤᠯᠠᠭᠤᠯᠬᠤ ︿ ︿ ᠸᠢᠴᠠᠲ ᠤᠨ ᠰᠥᠷᠦᠭ ﹀ ﹀ ᠪᠠᠶᠢᠭᠤᠯᠤᠨ ︿ ︿ ᠸᠢᠴᠠᠲ ᠬᠤᠳᠠᠯᠳᠤᠭᠠᠴᠢᠨ ﹀ ﹀ ᠪᠣᠯᠵᠤ ᠨᠡᠩᠳᠡ ᠶᠠᠭᠠᠷᠠᠤ ᠪᠣᠯᠵᠠᠢ᠃ ᠲᠡᠭᠦᠨ ᠦ ︿ ︿ ᠸᠢᠴᠠᠲ ᠤᠨ ᠰᠦᠷᠦᠭ ﹀ ﹀ ᠲᠦ ᠪᠠᠯᠭᠠᠰᠤᠨ ᠤ ᠺᠠᠳ᠋ᠷ ᠂ ᠲᠣᠰᠬᠤᠨ ᠳ᠋ᠤ ᠰᠠᠭᠤᠭ᠎ᠠ ᠠᠵᠢᠯᠯᠠᠬᠤ ᠠᠩᠭᠢ ᠶ᠋ᠢᠨ ᠬᠡᠰᠢᠭᠦᠦᠨ ᠂ ᠲᠣᠰᠬᠤᠨ ᠤ ᠺᠠᠳ᠋ᠷ ᠂ ᠶᠠᠳᠠᠭᠤ ᠡᠷᠦᠬᠡ ᠂  ᠲᠡᠭᠦᠨ ᠦ ᠰᠠᠳᠤᠨ ᠲᠥᠷᠥᠯ ᠰᠠᠶᠢᠨ ᠨᠠᠶᠢᠵᠠᠰ ᠵᠡᠷᠭᠡ 100 ᠭᠠᠷᠤᠢ ᠬᠦᠮᠦᠨ ᠲᠠᠢ ᠪᠣᠯᠵᠤ ᠂ ᠡᠳᠡᠭᠡᠷ ᠬᠦᠮᠦᠰ ᠳᠠᠮᠵᠢᠭᠤᠯᠤᠨ ᠥᠷᠭᠡᠦᠨᠬᠡᠵᠦ ᠡᠩᠨᠡᠭᠡ ᠨᠡᠩ ᠪᠣᠵᠠᠭᠠᠶᠢᠷᠠᠨ ᠵᠠᠬᠢᠶᠠᠯᠠᠭ᠎ᠠ ᠶ᠋ᠢᠨ ᠬᠡᠪᠴᠢᠶ᠎ᠡ ᠥᠷᠭᠡᠨ ᠪᠣᠯᠵᠤ ᠬᠥᠭᠵᠢᠭᠡᠨ ᠲᠠᠢ ᠪᠠᠶᠢᠨ᠎ᠠ ᠃ 68 ᠨᠠᠰᠤᠲᠠᠢ ᠰᠢ ᠭᠥᠢ ᠷᠥᠩ ᠨᠠᠰᠤᠲᠠᠨ ᠡᠳᠥᠷ ᠦᠨ ᠣᠯᠤᠬᠰᠠᠨ 1400 ᠲᠥᠭᠦᠷᠢᠭ ᠢᠶ᠋ᠡᠨ ᠲᠣᠭᠠᠯᠠᠨ ᠰᠡᠦᠨᠬᠢᠯ ᠬᠦᠳᠡᠯᠦᠨ ᠱᠠᠨ ᠱᠦᠵᠢ ᠶ᠋ᠢᠨ ᠭᠠᠷ ᠢ ᠴᠢᠩᠭ᠎ᠠ ᠠᠣᠨᠬᠤᠨ ︿ ︿ ᠱᠠᠨ ᠱᠦᠵᠢ ᠡ ᠂ ᠪᠢ ᠶᠡᠷᠦᠨᠢ ᠨᠢᠭᠡ ᠯᠠ ᠡᠳᠥᠷ ᠦᠨ ᠳᠣᠳᠤᠷ᠎ᠠ ᠡᠶᠢᠮᠦ ᠠᠷᠪᠢᠨ ᠵᠤᠭᠤᠰ ᠢ ᠣᠯᠤᠭ᠎ᠠ ᠦᠭᠡᠢ ᠃ ᠪᠢ ᠶᠠᠭᠠᠬᠢᠵᠤ ᠲᠠᠨ ᠤ ᠠᠴᠢ ᠶ᠋ᠢ  ᠬᠠᠷᠢᠭᠤᠯᠵᠤ ᠲᠠᠯᠠᠷᠬᠠᠬᠤ ᠶ᠋ᠢ ᠮᠡᠳᠡᠬᠦ ᠦᠭᠡᠢ ᠪᠠᠶᠢᠨ᠎ᠠ ᠃ ᠪᠢ ᠴᠢᠮ᠎ᠠ ᠳ᠋ᠤ ︿ ᠪᠡᠭᠡᠵᠢᠩ ᠦᠨ ᠵᠢᠨ ᠱᠠᠨ ᠠᠭᠤᠯᠠᠨ ᠳ᠋ᠤ ﹀ ᠭᠡᠰᠡᠨ ᠳᠠᠭᠣᠤ ᠶ᠋ᠢ ᠨᠢᠭᠡ ᠪᠠᠳᠠᠭ ᠳᠠᠭᠤᠯᠠᠨ ᠥᠭᠴᠦ ᠲᠠᠯᠠᠷᠬᠠᠯ ᠤᠨ ᠰᠡᠦᠨᠬᠢᠯ ᠢᠶ᠋ᠡᠨ ᠢᠯᠡᠦᠨᠬᠡᠶ᠎ᠡ ﹀ ﹀ ᠭᠡᠵᠦ ᠳᠠᠭᠣᠤ ᠪᠠᠨ ᠳᠠᠭᠤᠯᠠᠬᠰᠠᠨ ᠳ᠋ᠤ᠂ ᠱᠠᠨ ᠱᠦᠵᠢ ᠪᠣᠯᠣᠨ ᠠᠵᠢᠯᠯᠠᠬᠤ ᠠᠩᠭᠢ ᠶ᠋ᠢᠨ ᠬᠡᠰᠢᠭᠦᠦᠨ  ᠨᠢᠳᠦ ᠲᠥᠭᠦᠷᠡᠩ ᠢᠭᠲᠦᠯᠦᠯ ᠦᠨ ᠨᠢᠯᠪᠤᠰᠤ ᠬᠦᠶᠦᠯᠭᠡᠵᠡᠢ ᠃
    ︿ ︿ ᠸᠢᠴᠠᠲ ᠢᠶᠠᠷ ᠪᠣᠷᠤᠯᠠᠭᠤᠯᠬᠤ ᠦᠷ᠎ᠡ ᠠᠰᠢᠭ ᠡᠶᠢᠮᠦ ᠰᠠᠶᠢᠨ ᠭᠡᠵᠦ ᠪᠢ ᠪᠣᠳᠤᠭ᠎ᠠ ᠦᠭᠡᠢ ᠂ ᠵᠠᠮ ᠨᠢ ᠵᠥᠪ ᠪᠣᠯ ᠥᠴᠦᠬᠡᠨ ᠬᠠᠰᠢᠶᠠᠨ ᠡᠴᠠ ᠶᠡᠬᠡ ᠠᠰᠢᠭ ᠣᠷᠤᠯᠭ᠎ᠠ ᠣᠯᠵᠤ ᠪᠣᠯᠤᠨ᠎ᠠ ᠃ ᠲᠣᠰᠬᠤᠨ ᠤ ᠠᠷᠠᠳ ᠴᠦᠮ ᠶᠠᠳᠠᠭᠤ ᠡᠴᠠ ᠠᠩᠭᠢᠵᠢᠷᠠᠬᠰᠠᠨ ᠤ ᠳᠠᠷᠠᠭ᠎ᠠ ᠪᠢ ᠡᠨᠡ ᠬᠦ ᠸᠢᠴᠠᠲ ᠤᠨ ᠰᠥᠷᠦᠭ ᠢᠶ᠋ᠡᠨ ᠲᠣᠰᠬᠤᠨ ᠤ ᠠᠷᠠᠳ ᠤᠨ ᠥᠪᠡᠰᠦᠪᠡᠨ ᠡᠵᠡᠩᠨᠡᠬᠦ ᠳ᠋ᠦ ᠰᠢᠯᠵᠢᠭᠦᠯᠦᠨ ᠥᠭᠴᠦ ᠂ ᠲᠡᠭᠦᠨ ᠢ ᠥᠷᠭᠦᠯᠵᠢᠯᠡᠨ ᠲᠣᠰᠬᠤᠨ ᠤ ᠠᠷᠠᠳ ᠲᠤ ᠤᠶᠢᠯᠡᠴᠢᠯᠡᠬᠦ ᠡᠯᠸᠺᠲ᠋ᠷᠣᠨ ᠳᠠᠪᠴᠠᠩ ᠪᠣᠯᠭᠠᠨ᠎ᠠ ﹀ ﹀ ᠭᠡᠵᠦ ᠱᠠᠨ ᠱᠦᠵᠢ ᠬᠡᠯᠡᠬᠦ ᠶ᠋ᠢᠨ ᠳᠠᠭᠠᠤ ᠳᠠᠩᠰᠠ ᠪᠠᠨ ᠲᠡᠮᠳᠡᠭᠯᠡᠨ᠎ᠡ ᠃
                                          (ᠯᠢ ᠪᠤᠶᠠᠨᠴᠤᠬᠯᠠ )
ᠢᠷᠡᠯᠳᠡ᠄ ᠨᠠᠶᠢᠷᠠᠭᠤᠯᠤᠭᠴᠢ᠄

ᠬᠠᠮᠢᠶ᠎ᠡ ᠪᠦᠬᠦᠢ ᠰᠣᠨᠢᠨ