ᠭᠣᠷᠪᠠᠨ ᠨᠠᠢᠮᠠ ᠬᠡᠳᠦ ᠪᠤᠢ

ᠣᠩᠰᠢᠭᠰᠠᠨ ᠤᠳᠠᠭ᠎ᠠ ᠄ 6116     ᠨᠡᠶᠢᠳᠡᠯᠡᠭᠰᠡᠨ ᠴᠠᠭ ᠄ 2018/9/16 15:21:53

    ᠠᠯᠢ ᠡᠷᠲᠡ ᠶ᠋ᠢᠨ ᠴᠠᠭ ᠲᠤ ᠂ ᠬᠣᠶᠠᠷ ᠡᠷ᠎ᠡ ︿ ︿ ᠭᠣᠷᠪᠠᠨ ᠨᠠᠢᠮᠠ ᠬᠡᠳᠦ ﹀ ﹀ ᠶ᠋ᠢᠨ ᠲᠣᠬᠠᠢ ᠮᠠᠷᠭᠤᠭᠠᠨ ᠪᠣᠯᠵᠤ ᠭᠡᠨ᠎ᠡ ᠃ ᠨᠢᠭᠡ ᠨᠢ ︿ ︿ ᠭᠣᠷᠪᠠᠨ ᠨᠠᠢᠮᠠ ᠬᠣᠷᠢᠨ ᠳᠥᠷᠪᠡ ﹀ ﹀ ᠭᠡᠬᠦ ᠳ᠋ᠦ ᠨᠥᠭᠦᠭᠡ ᠨᠢ ︿ ︿ ᠭᠣᠷᠪᠠᠨ ᠨᠠᠢᠮᠠ ᠬᠣᠷᠢᠨ ᠭᠤᠷᠪᠠ ﹀ ﹀ ᠭᠡᠵᠡᠢ ᠃ ᠬᠣᠶᠠᠭᠤᠯᠠ ᠪᠠᠨ ᠬᠡᠨ ᠠᠯᠢᠨ ᠤ ᠪᠠᠨ ᠬᠡᠯᠡᠬᠦ ᠶ᠋ᠢ ᠡᠰᠡ ᠵᠥᠪᠰᠢᠶᠡᠷᠡᠨ ᠮᠠᠷᠭᠤᠭᠠᠨ ᠪᠣᠯᠵᠤ ᠡᠴᠦᠰ ᠲᠡᠬᠡᠨ ᠰᠢᠶᠠᠨ ᠤ ᠶᠠᠮᠤᠨ ᠳ᠋ᠤ ᠬᠦᠷᠴᠦ ᠨᠤᠶᠠᠨ ᠳ᠋ᠤ ᠵᠠᠭᠠᠯᠳᠤᠨ ᠵᠠᠷᠭᠤᠯᠳᠤᠵᠠᠢ ᠃ ᠰᠢᠶᠠᠨ ᠤ ᠨᠣᠶᠠᠨ ᠬᠣᠶᠠᠷ ᠡᠷ᠎ᠡ ᠶ᠋ᠢᠨ ᠮᠠᠷᠭᠤᠭᠠᠨ ᠢ ᠰᠣᠨᠤᠰᠤᠨ ᠰᠣᠨᠤᠰᠴᠤ ᠲᠡᠰᠬᠦ ᠠᠯᠳᠠᠷᠠᠨ ᠭᠡᠨᠡᠦᠨᠲᠡ ᠰᠢᠷᠡᠭᠡ ᠠᠯᠠᠭᠠᠳᠠᠨ ᠶᠡᠬᠡ ᠳᠠᠭᠤᠨ ᠢᠶᠠᠷ ︿ ︿ ᠭᠣᠷᠪᠠᠨ ᠨᠠᠢᠮᠠ ᠬᠣᠷᠢᠨ ᠳᠥᠷᠪᠡ ﹀ ﹀ ᠶ᠋ᠢ ᠭᠠᠳᠠᠨ᠎ᠠ ᠬᠦᠷᠢᠶᠡᠨ ᠳ᠋ᠦ ᠠᠪᠠᠴᠢᠨ ᠬᠥᠨᠳᠦ ᠪᠡᠷ ᠬᠣᠷᠢᠨ ᠮᠣᠳᠣ ᠵᠠᠨᠴᠢ ︕ ﹀ ﹀ ᠭᠡᠵᠦ ᠵᠠᠩᠳᠤᠷᠤᠨ ᠵᠠᠷᠯᠢᠬᠳᠠᠵᠠᠢ ᠃ ᠲᠡᠷᠡ ᠪᠡᠷ ᠶᠡᠬᠡᠪᠡᠷ ᠬᠢᠯᠢᠰᠳᠡᠨ ︿ ︿ ᠮᠢᠨᠤ ᠵᠥᠪ ᠪᠠᠶᠢᠳᠠᠯ᠎ᠠ ᠶᠠᠭᠤᠨ ᠳ᠋ᠤᠷ ᠨᠠᠮᠠᠶ᠋ᠢ ᠶᠠᠯᠠᠳᠠᠨ ᠵᠠᠨᠴᠢᠬᠤ ᠪᠤᠢ ︖ ﹀ ﹀ ᠭᠡᠰᠡᠨ ᠳ᠋ᠦ ᠰᠢᠶᠠᠨ ᠤ ᠨᠣᠶᠠᠨ ᠳᠠᠷᠤᠢ ᠳ᠋ᠦ᠋ᠨᠢ ︿ ︿ ᠴᠢ ᠰᠣᠨᠤᠰ ︕ ᠮᠣᠩᠬᠠᠭ ᠮᠣᠨᠤᠭ ᠲᠣᠭ᠎ᠠ ᠮᠡᠳᠡᠬᠦ ᠦᠭᠡᠢ ᠵᠥᠨᠦᠭ ᠲᠠᠢ ᠮᠤᠬᠤᠰᠢ ᠦᠭᠡᠢ ᠮᠠᠷᠭᠤᠯᠳᠤᠬᠤ ᠭᠡᠭᠴᠢ ᠮᠡᠷᠭᠡᠨ ᠬᠦᠮᠦᠨ ᠳ᠋ᠡᠬᠡᠨ ᠲᠣᠭᠠᠴᠢᠬᠳᠠᠬᠤ ‍ᠦᠦ ︖ ᠬᠥᠨᠳᠦ ᠪᠡᠨ ᠪᠠᠷᠠᠵᠤ ᠬᠦᠮᠦᠨ ᠢᠶ᠋ᠡᠨ ᠭᠡᠭᠡᠵᠦ ᠦᠭᠡᠢ ‍ᠦᠦ ︖ ﹀ ﹀ ᠭᠡᠵᠤ ᠶᠡᠬᠡ ᠳᠠᠭᠤᠨ ᠢᠶᠠᠷ ᠬᠡᠯᠡᠭᠰᠡᠨ ᠪᠠᠶᠢᠵᠠᠢ  ᠭᠡᠨ᠎ᠡ ᠃
   ᠡᠨᠡ ᠬᠦ ᠳᠥᠭᠦᠮᠬᠡᠨ ᠦᠯᠢᠭᠡᠷ ᠨᠢ ᠮᠠᠨᠤᠰ ᠲᠤ ᠬᠡᠷᠡᠭᠦᠯ ᠮᠠᠷᠭᠤᠭᠠᠨ ᠬᠢᠬᠦ ᠳ᠋ᠦ ᠪᠠᠰᠠ ᠬᠢᠷᠢ ᠬᠡᠮ ᠱᠠᠭᠠᠷᠳᠠᠬᠳᠠᠬᠤ ᠶ᠋ᠢ ᠮᠡᠳᠡᠭᠦᠯᠵᠦ ᠪᠤᠢ ᠲᠠᠭᠠᠷᠠᠨ᠎ᠠ ᠃ ᠵᠡᠷᠭᠡ ᠡᠷᠬᠡ ᠲᠠᠢ ᠬᠦᠮᠦᠨ ᠵᠢᠷ ᠦᠨ ᠬᠦᠮᠦᠰ ᠲᠠᠢ ᠬᠡᠷᠡᠭᠦᠯ ᠮᠠᠷᠭᠤᠭᠠᠨ ᠬᠢᠬᠦ ᠂ ᠮᠡᠳᠡᠯᠭᠡ ᠰᠣᠶᠣᠯ ᠲᠠᠢ ᠬᠦᠮᠦᠨ ᠮᠣᠩᠬᠠᠭ ᠪᠠᠯᠠᠶᠢᠴᠤᠳ ᠲᠠᠢ ᠮᠠᠷᠭᠤᠭᠠᠨ ᠵᠢᠭᠤᠷᠭᠠᠨ ᠡᠭᠦᠰᠭᠡᠬᠦ ᠨᠢ ᠴᠦᠮ ᠥᠪᠡᠷ ᠪᠡᠶ᠎ᠡ ᠶ᠋ᠢᠨ ᠡᠷᠬᠡ ᠬᠥᠨᠳᠦ ᠠᠯᠳᠠᠷ ᠨᠡᠷ᠎ᠡ ᠪᠡᠨ ᠪᠠᠭᠤᠷᠠᠭᠤᠯᠤᠨ ᠭᠤᠳᠤᠭᠠᠵᠤ ᠪᠠᠶᠢᠭ᠎ᠠ ᠶᠠᠪᠤᠳᠠᠯ ᠪᠣᠯᠵᠤ ᠂ ᠭᠡᠷ ᠪᠦᠯᠢ ᠪᠠ ᠨᠡᠶᠢᠭᠡᠮ ᠨᠡᠶᠢᠲᠡ ᠶ᠋ᠢᠨ ᠡᠶ᠎ᠡ ᠵᠣᠬᠢᠴᠠᠯ ᠳ᠋ᠤ ᠴᠦᠮ ᠲᠤᠶᠢᠯ ᠤᠨ ᠠᠰᠢᠭ ᠦᠭᠡᠢ ᠪᠠᠶᠢᠳᠠᠭ ᠢ ᠲᠣᠰ ᠦᠯᠢᠭᠡᠷ ᠲᠣᠳᠤᠷᠬᠠᠢ ᠬᠠᠷᠠᠭᠤᠯᠵᠤ ᠪᠠᠶᠢᠭ᠎ᠠ ᠪᠣᠰᠤ ‍ᠦᠦ ︖  ᠲᠡᠷᠡ ᠮᠦᠷᠲᠡᠭᠡᠨ ᠬᠡᠳᠦᠷᠬᠡᠢ ᠮᠣᠵᠢᠭᠤᠳᠠᠯᠠᠨ ᠪᠠᠷᠢᠮᠲᠠᠯᠠᠵᠤ ᠪᠣᠯᠬᠤ ᠦᠭᠡᠢ ᠵᠠᠷᠴᠢᠮ ᠤᠨ ᠪᠣᠰᠤ ᠠᠰᠠᠭᠤᠳᠠᠯ ᠳᠡᠭᠡᠷ᠎ᠡ ᠨᠠᠶᠢᠷ ᠲᠠᠯᠪᠢᠨ ᠠᠭᠤᠴᠢᠯᠠᠬᠤ ᠬᠡᠷᠡᠭᠲᠡᠢ ᠭᠡᠰᠡᠨ ᠤᠴᠢᠷ ᠶᠣᠰᠣᠨ ᠢ ᠮᠡᠳᠡᠭᠦᠯᠦᠨ ᠲᠣᠳᠤᠷᠠᠭᠤᠯᠵᠤ ᠪᠠᠶᠢᠬᠤ ᠰᠢᠭ᠋ ᠰᠠᠨᠠᠬᠳᠠᠭᠤᠯᠤᠨ᠎ᠠ ᠃
                                                 ( ᠪᠤᠶᠠᠨᠴᠤᠬᠯᠠ )
ᠢᠷᠡᠯᠳᠡ᠄ ᠨᠠᠶᠢᠷᠠᠭᠤᠯᠤᠭᠴᠢ᠄ ᠳᠤᠯᠠᠭᠠᠨ